ᠨᠠᠢᠮᠠᠳᠤᠭᠠᠷ ᠪᠣᠭᠳᠠ ᠶᠢᠨ ᠣᠢ ᠶᠢ ᠲᠡᠮᠳᠡᠭᠯᠡᠨ᠎ᠡ  | News.MN

ᠨᠠᠢᠮᠠᠳᠤᠭᠠᠷ ᠪᠣᠭᠳᠠ ᠶᠢᠨ ᠣᠢ ᠶᠢ ᠲᠡᠮᠳᠡᠭᠯᠡᠨ᠎ᠡ 

ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠲᠦᠮᠡᠨ ᠥᠯᠵᠡᠢ ᠭᠡᠶᠢᠭᠰᠡᠨ ᠦ 150 ᠵᠢᠯ ᠦᠨ ᠣᠢ ᠶᠢᠨ ᠶᠣᠰᠣᠯᠠᠯ᠂ ᠬᠦᠨᠳᠦᠳᠬᠡᠯ ᠠᠷᠪᠠᠨ ᠨᠢᠭᠡᠳᠦᠭᠡᠷ ᠰᠠᠷ᠎ᠠ ᠶᠢᠨ 04 ᠍ ᠦ ᠡᠳᠦᠷ ᠪᠣᠯᠬᠤ ᠭᠡᠵᠦ ᠪᠠᠶᠢᠨ᠎ᠠ᠃  ᠰᠢᠷᠤᠢ ᠶᠢᠨ ᠭᠠᠬᠠᠢ ᠵᠢᠯ ᠦᠨ ᠨᠠᠮᠤᠷ ᠤᠨ ᠠᠳᠠᠭ ᠰᠠᠷ᠎ᠠ ᠶᠢᠨ ᠰᠢᠨ᠎ᠡ ᠶᠢᠨ ᠨᠠᠢᠮᠠᠨ ᠤ ᠪᠢᠯᠢᠭᠲᠦ ᠰᠠᠶᠢᠨ ᠡᠯ᠎ᠡ ᠡᠳᠦᠷ  ᠭᠠᠨᠳᠠᠨᠳᠡᠭᠴᠢᠯᠡᠨ ᠬᠡᠶᠢᠳ ᠦᠨ ᠪᠠᠲᠤᠴᠠᠭᠠᠨ ᠴᠣᠭᠴᠢᠨ ᠳᠤᠭᠠᠩ ᠳᠤ 08᠄00 ᠴᠠᠭ ᠲᠤ ᠪᠣᠭᠳᠠ  ᠵᠢᠪᠽᠤᠨᠳᠠᠮᠪᠠ ᠬᠤᠲᠤᠭᠲᠤ ᠨᠤᠭᠤᠳ ᠤᠨ ᠳᠣᠩᠴᠢᠳ ᠬᠤᠷᠠᠯ ᠬᠤᠷᠠᠵᠤ᠂ ᠶᠣᠰᠣᠯᠠᠯ ᠬᠦᠨᠳᠦᠳᠬᠡᠯ ᠢ ᠨᠡᠭᠡᠭᠡᠵᠦ ᠂  ᠬᠠᠮᠪᠤ ᠯᠠᠮᠠ᠂ ᠭᠠᠪᠵᠤ ᠳ∙ᠴᠣᠶᠢᠵᠠᠮᠰᠤ᠂ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠦᠪᠯᠡᠬᠦ ᠴ∙ᠬᠤᠯᠠᠨ᠂ ᠳ᠋ᠣᠺᠲ᠋ᠣᠷ᠂ ᠫᠷᠣᠹᠧᠰᠰᠣᠷ ᠣ᠊∙ᠪᠠᠲᠤᠰᠠᠶᠢᠬᠠᠨ ᠨᠠᠷ ᠦᠭᠡ ᠬᠡᠯᠡᠭᠰᠡᠨ ᠢᠶᠡᠷ ᠦᠢᠯᠡ ᠠᠵᠢᠯᠯᠠᠭ᠎ᠠ ᠡᠬᠢᠯᠡᠨ᠎ᠡ ᠃

ᠲᠡᠷᠡᠴᠢᠯᠡᠨ ᠪᠣᠭᠳᠠ ᠵᠢᠪᠽᠤᠨᠳᠠᠮᠪᠠ ᠬᠤᠲᠤᠭᠲᠤ ᠶᠢᠨ ᠲᠦᠮᠡᠨ ᠥᠯᠵᠡᠢ ᠭᠡᠶᠢᠭᠰᠡᠨ ᠦ 150 ᠵᠢᠯ ᠦᠨ ᠣᠢ ᠳᠤ ᠵᠣᠷᠢᠭᠤᠯᠤᠭᠰᠠᠨ ᠦᠵᠡᠰᠬᠦᠯᠡᠩ ᠦᠨ ᠨᠡᠭᠡᠭᠡᠯᠲᠡ ᠶᠢᠨ ᠳᠠᠷᠠᠭ᠎ᠠ ︽ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠱᠠᠰᠢᠨ ᠨᠣᠮ ᠤᠨ ᠦᠢᠯᠡ ᠬᠡᠷᠡᠭ ︾ ᠡᠷᠳᠡᠮ ᠰᠢᠨᠵᠢᠯᠡᠭᠡᠨ ᠦ ᠪᠠᠭ᠎ᠠ ᠬᠤᠷᠠᠯ ᠪᠣᠯᠬᠤ ᠶᠤᠮ ᠪᠠᠶᠢᠨ᠎ᠠ᠃ ᠬᠤᠷᠠᠯ ᠳᠤ ᠳ᠋ᠣᠺᠲ᠋ᠣᠷᠠᠨᠲ ᠬ∙ᠪᠢᠮᠪᠠᠵᠠᠪ ︽ᠨᠣᠮᠣᠭᠠᠨ ᠤ ᠰᠦᠮ᠎ᠡ ᠶᠢᠨ ᠳ᠋ᠠᠷ᠎ᠠ ᠡᠬᠡ ᠯᠠᠮᠠᠲᠠᠨ ᠤ ᠨᠠᠢᠮᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠨᠠᠮᠲᠠᠷ︾᠂ ᠳ᠋ᠣᠺᠲ᠋ᠣᠷ ᠽ∙ᠯᠣᠩᠵᠢᠳ  ︽1915 ᠣᠨ ᠠᠴᠠ ᠡᠬᠢᠯᠡᠨ ᠬᠠᠨ ᠠᠭᠤᠯᠠ ᠶᠢᠨ ᠬᠣᠶᠠᠷ ᠠᠮᠠ ᠶᠢ ᠲᠠᠬᠢᠬᠤ ᠪᠣᠯᠤᠭᠰᠠᠨ ᠲᠤᠬᠠᠢ︾᠂ ᠭᠠᠪᠵᠤ ᠨ∙ᠨᠠᠩᠵᠠᠳᠳᠣᠷᠵᠢ ︽ᠪᠣᠭᠳᠠ ᠭᠡᠭᠡᠨ ᠦ ᠨᠠᠮᠲᠠᠷ ᠲᠡᠦᠬᠡᠨ ᠳᠦ ᠬᠣᠯᠪᠣᠭᠳᠠᠬᠤ ᠪᠠᠷᠢᠮᠲᠠ ᠰᠤᠷᠪᠤᠯᠵᠢ ᠶᠢᠨ ᠮᠡᠳᠡᠭᠡ︾᠂ ᠳ᠋ᠣᠺᠲ᠋ᠣᠷ ᠭ∙ᠳᠠᠰᠢᠨᠢᠮ᠎ᠠ ︽ᠪᠣᠭᠳᠠ ᠬᠠᠭᠠᠨ᠂ ᠵᠠᠩᠵᠢᠶ᠎ᠠ ᠬᠤᠲᠤᠭᠲᠤ ᠨᠠᠷ ᠤᠨ ᠬᠠᠷᠢᠯᠴᠠᠭᠰᠠᠨ ᠨᠢᠭᠡᠨ ᠵᠠᠬᠢᠳᠠᠯ ᠤᠨ ᠲᠤᠬᠠᠢ︾᠂ ᠳ᠋ᠣᠺᠲ᠋ᠣᠷ ᠽ∙ᠨᠢᠩᠵᠢᠪᠠᠲᠠᠭᠠᠷ ︽ᠵᠢᠪᠽᠤᠨᠳᠠᠮᠪᠠ ᠬᠤᠲᠤᠭᠲᠤ ᠶᠢᠨ ᠱᠠᠪᠢ ᠶᠢᠨ ᠵᠠᠬᠢᠷᠭ᠎ᠠ᠄ ᠡᠷᠳᠡᠨᠢᠱᠠᠩᠵᠤᠳᠪᠠ ᠶᠢᠨ ᠲᠤᠰᠢᠶᠠᠯ ᠤᠨ ᠲᠤᠬᠠᠢ᠂ 17- 20 ᠳ᠋ᠤᠭᠠᠷ ᠤ ᠡᠬᠢᠨ︾᠂ ᠪᠤᠷᠬᠠᠨ ᠤ ᠱᠠᠰᠢᠨ ᠤ ᠰᠤᠶᠤᠯ ᠰᠤᠳᠤᠯᠤᠯ ᠤᠨ ᠬᠦᠷᠢᠶᠡᠯᠡᠩ ᠦᠨ ᠵᠠᠬᠢᠷᠤᠯ᠂ ᠳ᠋ᠣᠺᠲ᠋ᠣᠷ ᠭ∙ᠮᠢᠭᠮᠠᠷᠰᠦ᠋ᠷᠦᠩ ︽ᠪᠣᠭᠳᠠ ᠨᠤᠭᠤᠳ ᠤᠨ ᠠᠩᠬᠠᠨ ᠤ ᠵᠠᠷᠯᠢᠭ ᠵᠣᠬᠢᠶᠠᠯ ᠤᠨ ᠲᠤᠬᠠᠢ︾᠂ ᠳ᠋ᠣᠺᠲ᠋ᠣᠷ ᠪ∙ᠨᠢᠮᠠᠮᠢᠭᠮᠠᠷ ︽ᠪᠣᠭᠳᠠ ᠶᠢᠨ ᠨᠣᠭᠣᠭᠠᠨ ᠣᠷᠳᠣᠨ ᠪᠠ ᠱᠠᠮᠪᠠᠯ ᠤᠨ ᠨᠣᠮᠯᠠᠯ︾ ᠰᠡᠳᠦᠪ ᠦᠳ ᠢᠶᠡᠷ ᠢᠯᠡᠳᠬᠡᠯ ᠲᠠᠯᠪᠢᠨ᠎ᠠ᠃

ᠰᠡᠳᠬᠢᠭᠳᠡᠯ ᠦᠯᠡᠳᠡᠭᠡᠬᠦ