ᠪᠦᠷᠭᠦᠳ ᠦᠳ ᠾᠢᠮᠠᠯᠢ ᠬᠦᠷᠲᠡᠯ᠎ᠡ ᠨᠡᠭᠦᠳᠡᠯᠯᠡᠭᠡᠳ ᠢᠷᠡᠵᠡᠢ  | News.MN

ᠪᠦᠷᠭᠦᠳ ᠦᠳ ᠾᠢᠮᠠᠯᠢ ᠬᠦᠷᠲᠡᠯ᠎ᠡ ᠨᠡᠭᠦᠳᠡᠯᠯᠡᠭᠡᠳ ᠢᠷᠡᠵᠡᠢ 

ᠪᠠᠶᠠᠨ-ᠥᠯᠥᠭᠡᠢ ᠠᠶᠢᠮᠠᠭ ᠤᠨ ᠪᠥᠷᠭᠥᠳᠴᠢᠳ ᠦᠨ ᠭᠠᠷᠰᠢᠭᠤᠯᠤᠭᠠᠳ ᠪᠠᠶᠢᠭᠠᠯᠢ ᠳᠤ ᠪᠤᠴᠠᠭᠠᠨ ᠲᠠᠯᠪᠢᠭᠰᠠᠨ ᠪᠦᠷᠭᠦᠳ ᠦᠳ ᠾᠢᠮᠠᠯᠢ ᠶᠢᠨ ᠨᠢᠷᠤᠭᠤ ᠬᠦᠷᠲᠡᠯ᠎ᠡ ᠵᠢᠷᠭᠤᠭᠠᠨ ᠮᠢᠩᠭ᠎ᠠ ᠭᠠᠷᠤᠢ ᠺᠢᠯᠣᠮᠧᠲ᠋ᠷ ᠲᠤ ᠨᠡᠭᠦᠳᠡᠯ ᠬᠢᠭᠡᠳ ᠪᠤᠴᠠᠵᠤ ᠢᠷᠡᠵᠡᠢ᠃  ᠮᠣᠩᠭᠣᠯ ᠤᠨ ᠵᠡᠷᠯᠢᠭ ᠠᠮᠢᠲᠠᠨ ᠰᠤᠳᠤᠯᠬᠤ ᠬᠠᠮᠠᠭᠠᠯᠠᠬᠤ ᠲᠥᠪ᠂ ᠮᠣᠩᠭᠣᠯ ᠤᠨ ᠴᠠᠷᠮ᠎ᠠ ᠶᠢᠨ ᠪᠦᠷᠭᠦᠳ ᠦᠨ ᠨᠡᠶᠢᠭᠡᠮᠯᠢᠭ ᠬᠠᠮᠲᠤᠷᠠᠨ ᠥᠩᠭᠡᠷᠡᠭᠰᠡᠨ ᠣᠨ ᠤ ᠶᠢᠰᠦᠳᠦᠭᠡᠷ ᠰᠠᠷ᠎ᠠ ᠶᠢᠨ 22 ᠍ ᠤ ᠡᠳᠦᠷ ᠢᠷᠭᠡᠳ ᠦᠨ ᠪᠠᠶᠢᠭᠠᠯᠢ ᠳᠤ ᠪᠤᠴᠠᠭᠠᠨ ᠲᠠᠯᠪᠢᠭᠰᠠᠨ 10 ᠪᠦᠷᠭᠦᠳ ᠲᠦ GPS ᠳᠣᠬᠢᠶ᠎ᠠ ᠳᠠᠮᠵᠢᠭᠤᠯᠤᠭᠴᠢ ᠲᠥᠬᠥᠭᠡᠷᠦᠮᠵᠢ ᠰᠠᠭᠤᠷᠢᠯᠠᠭᠤᠯᠤᠨ ᠶᠠᠪᠤᠭᠤᠯᠤᠭᠰᠠᠨ ᠪᠢᠯᠡ᠃ ᠡᠨᠡ ᠨᠢ ᠮᠠᠨ ᠤ ᠤᠯᠤᠰ ᠲᠤ ᠴᠠᠷᠮ᠎ᠠ ᠶᠢᠨ ᠪᠦᠷᠭᠦᠳ ᠲᠦ ᠰᠤᠳᠤᠯᠭᠠᠨ ᠤ ᠵᠣᠷᠢᠯᠭ᠎ᠠ ᠪᠠᠷ ᠳᠣᠬᠢᠶ᠎ᠠ ᠳᠠᠮᠵᠢᠭᠤᠯᠤᠭᠴᠢ ᠰᠠᠭᠤᠯᠭᠠᠭᠰᠠᠨ ᠠᠩᠬᠠᠨ ᠤ ᠲᠤᠷᠰᠢᠯᠲᠠ ᠪᠠᠶᠢᠭᠰᠠᠨ ᠪᠥᠭᠡᠳ ᠬᠦᠮᠦᠨ ᠦ ᠭᠠᠷ ᠠᠴᠠ ᠰᠤᠯᠠᠯᠠᠭᠰᠠᠨ ᠪᠦᠷᠭᠦᠳ ᠦᠨ ᠦᠬᠦᠯ ᠬᠣᠷᠣᠭᠳᠠᠯ᠂ ᠲᠤᠬᠠᠢ ᠶᠢᠨ ᠨᠤᠲᠤᠭ ᠳᠡᠪᠢᠰᠬᠡᠷ ᠲᠦ ᠪᠠᠶᠢᠳᠠᠭ ᠪᠦᠷᠭᠦᠳ ᠦᠳ ᠬᠣᠯᠠ ᠶᠢᠨ ᠵᠠᠢ ᠶᠢᠨ ᠨᠡᠭᠦᠳᠡᠯ ᠬᠢᠬᠦ ᠡᠰᠡᠬᠦ᠂ ᠲᠡᠳᠡᠨ ᠦ ᠠᠮᠢᠳᠤᠷᠠᠬᠤ ᠣᠷᠴᠢᠨ᠂ ᠡᠵᠡᠮᠰᠢᠯ ᠨᠤᠲᠤᠭ ᠤᠨ ᠬᠡᠮᠵᠢᠶ᠎ᠡ ᠶᠢ ᠰᠤᠳᠤᠯᠬᠤ ᠵᠣᠷᠢᠯᠭ᠎ᠠ ᠲᠠᠢ ᠶᠤᠮ᠃
ᠮᠣᠩᠭᠣᠯ ᠤᠨ ᠴᠠᠷᠮ᠎ᠠ ᠶᠢᠨ ᠪᠦᠷᠭᠦᠳ ᠦᠨ ᠨᠡᠶᠢᠭᠡᠮᠯᠢᠭ ᠦᠨ ᠲᠡᠷᠢᠭᠦᠨ ᠠ᠊∙ᠠᠲᠠᠢ ᠶᠢᠨ ᠲᠠᠶᠢᠯᠪᠤᠷᠢᠯᠠᠭᠰᠠᠨ ᠢᠶᠠᠷ ᠳᠡᠭᠡᠷᠡᠬᠢ 10 ᠪᠦᠷᠭᠦᠳ ᠡᠴᠡ ᠤᠯᠠᠭᠠᠨᠬᠤᠰᠤ ᠰᠤᠮᠤ ᠶᠢᠨ ᠪᠥᠷᠭᠥᠳᠴᠢᠨ ᠰ∙ᠠᠶᠠᠵᠠᠪᠠᠢ᠂ ᠳᠡᠯᠢᠭᠦᠨ ᠰᠤᠮᠤ ᠶᠢᠨ ᠪᠥᠷᠭᠥᠳᠴᠢᠨ ᠪ∙ᠥᠷᠺᠧᠨ ᠨᠠᠷ ᠤᠨ ᠪᠦᠷᠭᠦᠳ ᠾᠢᠮᠠᠯᠢ ᠶᠢᠨ ᠨᠢᠷᠤᠭᠤᠨ ᠤ ᠠᠷᠤ ᠲᠠᠯ᠎ᠠ ᠪᠤᠶᠤ ᠲᠥᠪᠡᠳ ᠦᠨ ᠥᠨᠳᠥᠷᠯᠢᠭ ᠬᠦᠷᠲᠡᠯ᠎ᠡ ᠨᠡᠭᠦᠳᠡᠯ ᠬᠢᠵᠤ ᠂ ᠵᠠᠷᠢᠮ ᠨᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠠᠯᠲᠠᠢ ᠠᠶᠢᠮᠠᠭ ᠪᠣᠯᠤᠨ ᠮᠠᠨ ᠤ ᠤᠯᠤᠰ ᠤᠨ ᠭᠣᠪᠢ-ᠠᠯᠲᠠᠢ ᠠᠶᠢᠮᠠᠭ ᠤᠨ ᠨᠤᠲᠤᠭ ᠲᠤ ᠣᠴᠢᠭᠰᠠᠨ ᠪᠠᠶᠢᠨ᠎ᠠ᠃ ᠪᠠᠶᠠᠨ-ᠥᠯᠥᠭᠡᠢ ᠠᠶᠢᠮᠠᠭ ᠤᠨ ᠨᠤᠲᠤᠭ ᠳᠡᠪᠢᠰᠬᠡᠷ ᠲᠦ ᠦᠯᠡᠳᠡᠭᠰᠡᠨ ᠪᠦᠷᠭᠦᠳ ᠦᠳ ᠴᠤ ᠪᠠᠶᠢᠵᠠᠢ ᠃

ᠰᠡᠳᠬᠢᠭᠳᠡᠯ ᠦᠯᠡᠳᠡᠭᠡᠬᠦ