︽ᠶᠡᠬᠡ ᠬᠤᠭᠤᠷ︾ ᠬᠥᠭᠵᠢᠮᠴᠢᠳ ᠦᠨ ᠤᠷᠤᠯᠳᠤᠭᠠᠨ ᠡᠬᠢᠯᠡᠯ᠎ᠡ  | News.MN

 ︽ᠶᠡᠬᠡ ᠬᠤᠭᠤᠷ︾ ᠬᠥᠭᠵᠢᠮᠴᠢᠳ ᠦᠨ ᠤᠷᠤᠯᠳᠤᠭᠠᠨ ᠡᠬᠢᠯᠡᠯ᠎ᠡ 

ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶᠠᠨ ᠤ 1956 ᠣᠨ ᠤ 02 ᠰᠠᠷ᠎ᠠ ᠶᠢᠨ 17 ᠤ ᠡᠳᠦᠷ ᠦᠨ 44 ᠳᠦᠭᠡᠷ ᠲᠣᠭᠲᠠᠭᠠᠯ᠄ ᠮᠣᠩᠭᠣᠯ ᠦᠨᠳᠦᠰᠦᠨ ᠦ ᠬᠥᠭᠵᠢᠮ ᠢ ᠰᠡᠷᠭᠦᠭᠡᠨ ᠶᠠᠪᠤᠭᠤᠯᠬᠤ ᠲᠤᠬᠠᠢ ᠵᠢᠭᠠᠯᠲᠠ ᠶᠢᠨ ᠳᠠᠭᠠᠤ ᠦᠨᠳᠦᠰᠦᠨ ᠦ ᠬᠥᠭᠵᠢᠮ ᠦᠳ ᠡᠴᠡ ᠪᠦᠷᠢᠳᠦᠭᠰᠡᠨ ᠨᠠᠶᠢᠷᠠᠯ ᠬᠥᠭᠵᠢᠮ ᠢ ᠪᠠᠶᠢᠭᠤᠯᠬᠤ ᠶᠢ ᠲᠥᠷᠥ ᠶᠢᠨ ᠱᠠᠩᠨᠠᠯᠲᠤ᠂ ᠬᠥᠭᠵᠢᠮ ᠦᠨ ᠵᠣᠬᠢᠶᠠᠯᠴᠢ ᠯ∙ᠮᠥᠩᠬᠡᠳᠣᠷᠵᠢ ᠳᠤ ᠳᠠᠭᠠᠭᠠᠯᠭᠠᠭᠰᠠᠨ ᠪᠠᠶᠢᠳᠠᠭ᠃ ᠲᠤᠬᠠᠢ ᠶᠢᠨ ᠦᠶ᠎ᠡ ᠳᠦ ᠬᠥᠭᠵᠢᠮ ᠤᠷᠠᠯᠠᠨ ᠲᠤᠷᠰᠢᠬᠤ  ᠰᠠᠯᠪᠤᠷᠢ ᠶᠢᠨ ᠬᠥᠭᠵᠢᠮ ᠦᠨ ᠤᠷᠠᠯᠠᠭᠠᠴᠢ ᠨᠠᠷ ᠢᠶᠠᠷ ᠪᠦᠲᠦᠭᠡᠯᠭᠡᠵᠦ᠂ ᠨᠠᠶᠢᠷᠠᠯ ᠬᠥᠭᠵᠢᠮ ᠦᠨ ᠪᠦᠷᠢᠯᠳᠦᠬᠦᠨ ᠳᠦ ᠤᠷᠤᠭᠤᠯᠤᠭᠰᠠᠨ ᠢᠶᠠᠷ 1961 ᠣᠨ ᠭᠡᠬᠦ ᠳᠦ ᠠᠩᠬᠠᠨ ᠤ ︽ᠶᠡᠬᠡ ᠬᠤᠭᠤᠷ︾ ᠬᠥᠭᠵᠢᠮ ᠪᠤᠢ  ᠪᠤᠯᠤᠭᠰᠠᠨ ᠲᠡᠦᠬᠡ ᠲᠡᠢ᠃
ᠬᠠᠷᠢᠨ ᠮᠡᠷᠭᠡᠵᠢᠯ ᠦᠨ ᠰᠤᠷᠭᠠᠯᠲᠠ ᠶᠢᠨ ᠬᠤᠪᠢ ᠳᠤ 1987 ᠣᠨ ᠳᠤ ᠬᠥᠭᠵᠢᠮ ᠪᠦᠵᠢᠭ ᠦᠨ ᠳᠡᠭᠡᠳᠦ ᠰᠤᠷᠭᠠᠭᠤᠯᠢ ᠶᠢᠨ 50 ᠵᠢᠯ ᠦᠨ ᠣᠢ ᠪᠠᠷ ᠺᠣᠨᠲ᠋ᠷᠪᠠᠰᠰ ᠬᠥᠭᠵᠢᠮ ᠦᠨ ᠪᠠᠭᠰᠢ ᠯ∙ᠪᠠᠰᠠᠩᠬᠦᠦ ᠮᠣᠩᠭᠣᠯ ᠤᠯᠤᠰ ᠤᠨ ᠦᠨᠳᠦᠰᠦᠨ ᠦ ᠤᠷᠠᠯᠢᠭ ᠲᠤ ᠮᠡᠷᠭᠡᠵᠢᠯ ᠦᠨ ᠶᠡᠬᠡ ᠬᠤᠭᠤᠷ ᠬᠥᠭᠵᠢᠮᠴᠢᠨ ᠬᠡᠷᠡᠭᠴᠡᠭᠡ ᠲᠡᠢ ᠪᠠᠶᠢᠭ᠎ᠠ ᠶᠢ ᠬᠠᠷᠠᠭᠠᠯᠵᠠᠨ᠂ ᠶᠡᠬᠡ ᠬᠤᠭᠤᠷ ᠬᠥᠭᠵᠢᠮ ᠦᠨ ᠰᠤᠷᠭᠠᠯᠲᠠ ᠶᠢ ᠠᠩᠬᠠᠯᠠᠨ ᠪᠤᠢ ᠪᠣᠯᠭᠠᠬᠤ ᠬᠠᠷᠢᠭᠤᠴᠠᠯᠭ᠎ᠠ ᠲᠠᠢ ᠠᠯᠪᠠ ᠶᠢ ᠬᠦᠯᠢᠶᠡᠨ ᠠᠪᠴᠤ ᠪᠠᠶᠢᠭᠰᠠᠨ ᠶᠤᠮ ᠃
ᠮᠣᠩᠭᠣᠯ ᠤᠨ ᠶᠡᠬᠡ ᠬᠤᠭᠤᠷ ᠬᠥᠭᠵᠢᠮᠴᠢᠳ ᠦᠨ ᠤᠯᠤᠰ ᠤᠨ ᠠᠩᠬᠠᠳᠤᠭᠠᠷ ᠨᠡᠭᠡᠭᠡᠯᠲᠡ ᠲᠡᠢ ᠤᠷᠤᠯᠳᠤᠭᠠᠨ 2019 ᠣᠨ ᠤ 10 ᠰᠠᠷ᠎ᠠ ᠶᠢᠨ 30 ᠠᠴᠠ 11 ᠰᠠᠷ᠎ᠠ ᠶᠢᠨ 03 ᠍ ᠤ ᠡᠳᠦᠷ ᠦᠳ ᠲᠦ ᠵᠣᠬᠢᠶᠠᠨ ᠪᠠᠶᠢᠭᠤᠯᠤᠭᠳᠠᠵᠤ ᠂ 4 ᠠᠩᠭᠢᠯᠠᠯ ᠳᠤ 28 ᠶᠡᠬᠡ ᠬᠤᠭᠤᠷ ᠬᠥᠭᠵᠢᠮᠴᠢᠳ ᠤᠷ᠎ᠠ ᠴᠢᠳᠠᠪᠤᠷᠢ ᠪᠠᠨ ᠰᠣᠷᠢᠨ ᠣᠷᠣᠯᠴᠠᠵᠤ ᠪᠠᠶᠢᠨ᠎ᠠ ᠃

ᠰᠡᠳᠬᠢᠭᠳᠡᠯ ᠦᠯᠡᠳᠡᠭᠡᠬᠦ