ᠮᠣᠩᠭᠣᠯ ᠣᠯᠢᠮᠫ ᠲᠤ ᠪᠠᠭ ᠤᠨ ᠰᠫᠣᠷᠲ ᠢᠶᠠᠷ ᠤᠷᠤᠯᠴᠠᠨ᠎ᠠ  | News.MN

ᠮᠣᠩᠭᠣᠯ ᠣᠯᠢᠮᠫ ᠲᠤ ᠪᠠᠭ ᠤᠨ ᠰᠫᠣᠷᠲ ᠢᠶᠠᠷ ᠤᠷᠤᠯᠴᠠᠨ᠎ᠠ 

ᠥᠴᠥᠭᠡᠳᠦᠷ ᠶᠠᠫᠣᠨ ᠤ ᠤᠴᠤᠨᠤᠮᠢᠶᠠ ᠳᠤ ᠪᠤᠯᠤᠭᠰᠠᠨ FIBA 3×3 World Tour Final ᠲᠡᠮᠡᠴᠡᠭᠡᠨ ᠦ ᠦᠶ᠎ᠡ ᠪᠡᠷ ᠲᠤᠤᠺᠢᠤ᠋ 2020 ᠵᠤᠨ ᠤ ᠣᠯᠢᠮᠫ ᠤᠨ ᠨᠠᠭᠠᠳᠤᠮ ᠳᠤ 3×3 ᠰᠠᠭᠰᠤᠨ ᠪᠥᠮᠪᠥᠭᠡ ᠶᠢᠨ ᠲᠥᠷᠥᠯ ᠢᠶᠡᠷ ᠤᠷᠤᠯᠴᠠᠬᠤ ᠡᠷᠬᠡ ᠠᠪᠤᠭᠰᠠᠨ ᠡᠬᠢᠨ ᠦ ᠪᠠᠭ ᠤᠳ ᠢ ᠵᠠᠷᠯᠠᠵᠠᠢ᠃ ᠡᠮᠡᠭᠲᠡᠶᠢᠴᠦᠳ ᠦᠨ ᠲᠥᠷᠥᠯ ᠳᠦ ᠣᠯᠢᠮᠫ ᠤᠨ ᠡᠷᠬᠡ ᠠᠪᠤᠭᠰᠠᠨ ᠡᠬᠢᠨ ᠦ ᠳᠥᠷᠪᠡᠨ ᠪᠠᠭ ᠲᠤ ᠮᠣᠩᠭᠣᠯ ᠤᠯᠤᠰ ᠤᠨ ᠰᠢᠭᠰᠢᠭᠡ ᠪᠠᠭ ᠰᠢᠯᠭᠠᠷᠠᠭᠰᠠᠨ ᠲᠤᠬᠠᠢ ᠮᠡᠳᠡᠭᠡᠯᠡᠭᠰᠡᠨ ᠪᠠᠶᠢᠨ᠎ᠠ᠃ ᠮᠣᠩᠭᠣᠯ ᠤᠯᠤᠰ ᠤᠨ ᠡᠮᠡᠭᠲᠡᠢ ᠰᠢᠭᠰᠢᠭᠡ ᠪᠠᠭ ᠣᠷᠣᠰ᠂ ᠬᠢᠲᠠᠳ᠂ ᠷᠤᠮᠠᠨᠢᠶ᠎ᠠ ᠤᠯᠤᠰ ᠤᠨ ᠰᠢᠭᠰᠢᠭᠡ ᠪᠠᠭ ᠤᠳ ᠲᠠᠢ ᠬᠠᠮᠲᠤ ᠢᠷᠡᠬᠦ ᠣᠨ ᠤ ᠵᠤᠨ ᠲᠤᠤᠺᠢᠤ᠋ ᠶᠢ ᠵᠣᠷᠢᠬᠤ ᠪᠠᠷ ᠪᠣᠯᠵᠠᠢ᠃
ᠡᠷᠡᠭᠲᠡᠢ᠂ ᠡᠮᠡᠭᠲᠡᠢ 3×3 ᠰᠠᠭᠰᠤᠨ ᠪᠥᠮᠪᠥᠭᠡ ᠶᠢᠨ ᠲᠥᠷᠥᠯ ᠢᠶᠡᠷ ᠵᠤᠨ ᠤ ᠣᠯᠢᠮᠫ ᠤᠨ ᠨᠠᠭᠠᠳᠤᠮ ᠳᠤ ᠤᠷᠤᠯᠴᠠᠬᠤ ᠨᠡᠮᠡᠯᠲᠡ 3᠂ 3 ᠡᠷᠬᠡ ᠶᠢ ᠢᠷᠡᠬᠦ ᠣᠨ ᠤ ᠭᠤᠷᠪᠠᠳᠤᠭᠠᠷ ᠰᠠᠷ᠎ᠠ ᠳᠤ ᠡᠨᠡᠳᠬᠡᠭ ᠲᠦ ᠪᠣᠯᠬᠤ ᠲᠡᠮᠡᠴᠡᠭᠡᠨ ᠢᠶᠡᠷ ᠣᠯᠭᠣᠬᠤ ᠶᠤᠮ ᠪᠠᠶᠢᠨ᠎ᠠ᠃ ᠡᠷᠡᠭᠲᠡᠢ ᠰᠢᠯᠢᠳᠡᠭ 20᠂ ᠡᠮᠡᠭᠲᠡᠢ ᠰᠢᠯᠢᠳᠡᠭ 20 ᠪᠠᠭ ᠤᠳ ᠥᠷᠢᠰᠥᠯᠳᠥᠬᠦ ᠡᠨᠡ ᠲᠡᠮᠡᠴᠡᠭᠡᠨ ᠦ A ᠬᠡᠰᠡᠭ ᠲᠦ ᠮᠣᠩᠭᠣᠯ ᠤᠯᠤᠰ ᠤᠨ ᠡᠷᠡᠭᠲᠡᠢ ᠰᠢᠭᠰᠢᠭᠡ ᠪᠠᠭ ᠲᠤᠤᠺᠢᠤ᠋ 2020 ᠨᠠᠭᠠᠳᠤᠮ ᠤᠨ ᠡᠷᠬᠡ ᠶᠢᠨ ᠲᠥᠯᠥᠭᠡ ᠲᠣᠭᠯᠠᠬᠤ ᠠᠵᠡᠢ᠃

ᠰᠡᠳᠬᠢᠭᠳᠡᠯ ᠦᠯᠡᠳᠡᠭᠡᠬᠦ