43 ᠮᠢᠩᠭᠠᠨ ᠰᠤᠷᠬᠤ ᠪᠢᠴᠢᠭ ᠢ ᠬᠢᠯᠢ ᠪᠡᠷ ᠤᠷᠤᠭᠤᠯᠬᠤ ᠭᠡᠵᠡᠢ  | News.MN

43 ᠮᠢᠩᠭᠠᠨ ᠰᠤᠷᠬᠤ ᠪᠢᠴᠢᠭ ᠢ ᠬᠢᠯᠢ ᠪᠡᠷ ᠤᠷᠤᠭᠤᠯᠬᠤ ᠭᠡᠵᠡᠢ 

ᠮᠣᠩᠭᠣᠯ ᠤᠯᠤᠰ ᠤᠨ ᠢᠷᠭᠡᠨZ ᠨᠢ 10.22 ᠤ ᠡᠳᠦᠷ ᠵᠠᠮ ᠤᠨ ᠡᠭᠦᠳᠡ ᠪᠣᠭᠣᠮᠲᠠ ᠪᠠᠷ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠵᠢᠷᠭᠤᠳᠤᠭᠠᠷ ᠠᠩᠬᠢ ᠶᠢᠨ 482 ᠬᠠᠶᠢᠷᠴᠠᠭ ᠪᠦᠬᠦᠢ 43060 ᠰᠢᠷᠬᠡᠭ ᠠᠩᠭᠯᠢ ᠬᠡᠯᠡ᠂ ᠲᠡᠦᠬᠡ ᠶᠢᠨ ᠬᠢᠴᠢᠶᠡᠯ ᠦᠨ ᠰᠤᠷᠬᠤ ᠪᠢᠴᠢᠭ᠂ ᠬᠡᠦᠬᠡᠳ ᠦᠨ 12 ᠨᠡᠷ᠎ᠡ ᠲᠥᠷᠥᠯ ᠦᠨ ᠲᠣᠭᠯᠠᠭᠠᠮ ᠢ ᠳᠡᠪᠲᠡᠷ ᠭᠡᠵᠤ ᠬᠠᠭᠤᠷᠠᠮᠴᠢ ᠪᠠᠷ ᠮᠡᠳᠡᠭᠦᠯᠦᠨ ᠣᠷᠣᠭᠤᠯᠵᠤ ᠢᠷᠡᠬᠦ ᠪᠡᠷ ᠵᠠᠪᠳᠤᠭᠰᠠᠨ ᠢ ᠬᠢᠯᠢ ᠶᠢᠨ ᠮᠡᠷᠭᠡᠵᠢᠯ ᠦᠨ ᠬᠢᠨᠠᠯᠲᠠ ᠶᠢᠨ ᠠᠯᠪᠠᠨ ᠤ ᠡᠷᠡᠭᠦᠯ ᠠᠬᠤᠢ ᠶᠢᠨ ᠬᠢᠨᠠᠯᠲᠠ ᠶᠢᠨ ᠤᠯᠤᠰ ᠤᠨ ᠪᠠᠶᠢᠴᠠᠭᠠᠭᠴᠢ ᠢᠯᠡᠷᠡᠭᠦᠯᠦᠨ ᠰᠢᠯᠭᠠᠵᠤ ᠪᠠᠶᠢᠨ᠎ᠠ᠃
ᠡᠳᠡᠭᠡᠷ ᠰᠤᠷᠬᠤ ᠪᠢᠴᠢᠭ ᠨᠢ ︽ᠸᠴᠢᠷ ᠫᠷᠸᠰᠰ︾ ᠺᠤᠮᠫᠠᠨᠢ ᠳᠦ ᠬᠡᠪᠯᠡᠪᠡ ᠭᠡᠰᠡᠨ ᠱᠣᠰᠢᠭ᠎ᠠ ᠲᠠᠢ ᠪᠠᠶᠢᠪᠠ᠃ ᠲᠤᠰ ᠺᠣᠮᠫᠠᠨᠢ ᠨᠢ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠤ ᠶᠠᠮᠤᠨ ᠲᠠᠢ ᠰᠤᠷᠬᠤ ᠪᠢᠴᠢᠭ ᠬᠡᠪᠯᠡᠬᠦ ᠭᠡᠷ᠎ᠡ ᠲᠡᠢ  ᠪᠤᠯᠪᠠᠴᠤ ᠬᠢᠯᠢ ᠶᠢᠨ ᠬᠢᠨᠠᠯᠲᠠ ᠰᠢᠯᠭᠠᠯᠲᠠ ᠠᠴᠠ ᠵᠠᠶᠢᠯᠠᠰᠬᠢᠭᠰᠡᠨ᠂ ᠬᠠᠭᠤᠷᠠᠮᠴᠢ ᠪᠠᠷ ᠮᠡᠳᠡᠭᠦᠯᠦᠭᠰᠡᠨ ᠪᠤᠯᠬᠤᠷ ᠵᠥᠷᠢᠴᠡᠯ ᠦᠨ ᠲᠤᠬᠠᠢ ᠬᠠᠤᠯᠢ ᠶᠢᠨ ᠳᠠᠭᠠᠤ ᠲᠣᠷᠭᠠᠭᠤᠯᠢ ᠶᠢᠨ ᠠᠷᠭ᠎ᠠ ᠬᠡᠮᠵᠢᠶ᠎ᠡ ᠠᠪᠤᠪᠠ᠃ ᠰᠤᠷᠬᠤ ᠪᠢᠴᠢᠭ ᠢ ᠣᠳᠣ ᠪᠠᠷ ᠭᠠᠶᠢᠯᠢ ᠶᠢᠨ ᠬᠢᠨᠠᠯᠲᠠ ᠳᠤ ᠰᠠᠭᠠᠳᠠᠭᠤᠯᠤᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ