ᠬᠠᠶᠠᠭᠰᠠᠨ ᠭᠦᠵᠡᠭᠡ ᠲᠡᠭᠦᠵᠦ ᠪᠠᠶᠢᠭᠰᠠᠨ ᠨᠢ ᠲᠣᠭᠲᠠᠭᠠᠭᠳᠠᠵᠠᠢ  | News.MN

ᠬᠠᠶᠠᠭᠰᠠᠨ ᠭᠦᠵᠡᠭᠡ ᠲᠡᠭᠦᠵᠦ ᠪᠠᠶᠢᠭᠰᠠᠨ ᠨᠢ ᠲᠣᠭᠲᠠᠭᠠᠭᠳᠠᠵᠠᠢ 

ᠳᠤᠮᠳᠠᠭᠤᠪᠢ ᠠᠶᠢᠮᠠᠭ ᠤᠨ ᠮᠡᠷᠭᠡᠵᠢᠯ ᠦᠨ ᠬᠢᠨᠠᠯᠲᠠ ᠶᠢᠨ ᠭᠠᠵᠠᠷ 2019 ᠣᠨ ᠤ 10 ᠳ᠋ᠤᠭᠠᠷ ᠰᠠᠷ᠎ᠠ ᠶᠢᠨ 28 ᠤ ᠡᠳᠦᠷ ︽ᠠᠶᠢᠮᠠᠭ ᠤᠨ ᠬᠣᠭ ᠤᠨ ᠴᠡᠭ ᠡᠴᠡ ᠮᠠᠯ ᠤᠨ ᠭᠦᠵᠡᠭᠡ ᠲᠡᠭᠦᠵᠦ ᠲᠡᠭᠡᠭᠡᠪᠦᠷᠢᠯᠡᠵᠦ ᠪᠠᠶᠢᠨ᠎ᠠ︾ ᠭᠡᠰᠡᠨ ᠭᠣᠮᠣᠳᠠᠯ ᠮᠡᠳᠡᠭᠡᠯᠡᠯ ᠢᠷᠡᠭᠰᠡᠨ ᠦ ᠳᠠᠭᠠᠤ ᠰᠢᠯᠭᠠᠬᠤ ᠳᠤ ᠢᠷᠭᠡᠨB ᠨᠢ ᠬᠣᠭ ᠤᠨ ᠴᠡᠭ ᠳᠡᠭᠡᠷ᠎ᠡ ᠡᠴᠡ ᠭᠦᠵᠡᠭᠡ ᠲᠡᠭᠦᠵᠦ ᠤᠯᠠᠭᠠᠨᠪᠠᠭᠠᠲᠤᠷ ᠬᠣᠲᠠ ᠤᠷᠤᠭᠤ ᠲᠡᠭᠡᠭᠡᠪᠦᠷᠢᠯᠡᠵᠦ ᠪᠠᠶᠢᠭᠰᠠᠨ ᠪᠠᠶᠢᠨ᠎ᠠ᠃ ᠤᠭ ᠬᠡᠷᠡᠭ ᠢ ᠬᠠᠤᠯᠢ ᠶᠢᠨ ᠳᠠᠭᠠᠤ ᠴᠠᠭᠳᠠᠭ᠎ᠠ ᠶᠢᠨ ᠪᠠᠶᠢᠭᠤᠯᠤᠯᠭ᠎ᠠ ᠳᠤ ᠰᠢᠯᠵᠢᠭᠦᠯᠵᠤ ᠂ ᠬᠤᠪᠢ ᠬᠦᠮᠦᠨ ᠦ ᠭᠠᠷ ᠳᠡᠭᠡᠷ᠎ᠡ ᠡᠴᠡ᠂ ᠭᠠᠷᠤᠯ ᠡᠭᠦᠰᠦᠯ ᠨᠢ ᠲᠣᠳᠣᠷᠬᠠᠢ ᠦᠭᠡᠢ ᠮᠠᠯ ᠤᠨ ᠭᠠᠷᠤᠯᠲᠠᠢ ᠬᠦᠨᠡᠰᠦᠨ ᠦ ᠲᠦᠭᠦᠬᠡᠢ ᠡᠳ᠋ ᠬᠤᠳᠠᠯᠳᠤᠨ ᠠᠪᠬᠤ ᠦᠭᠡᠢ ᠪᠠᠶᠢᠬᠤ ᠶᠢ ᠰᠡᠷᠡᠮᠵᠢᠯᠡᠭᠦᠯᠵᠦ ᠪᠠᠶᠢᠨ᠎ᠠ᠃

ᠰᠡᠳᠬᠢᠭᠳᠡᠯ ᠦᠯᠡᠳᠡᠭᠡᠬᠦ