ᠬᠣᠪᠳᠣ  ᠳᠤ 1400 ᠭᠠᠷᠤᠢ ᠬᠦᠭᠡᠮᠢᠴᠢ ᠬᠦᠭᠡᠮᠢᠯᠡᠨ᠎ᠡ  | News.MN

ᠬᠣᠪᠳᠣ  ᠳᠤ 1400 ᠭᠠᠷᠤᠢ ᠬᠦᠭᠡᠮᠢᠴᠢ ᠬᠦᠭᠡᠮᠢᠯᠡᠨ᠎ᠡ 

ᠬᠣᠪᠳᠣ ᠨᠤᠲᠤᠭ ᠤᠨ ᠵᠣᠨ ᠣᠯᠠᠨ ᠰᠤᠶᠤᠯ ᠤᠨ ᠦᠨᠡᠲᠦ ᠥᠪ ᠪᠣᠯᠤᠭᠰᠠᠨ ᠬᠦᠭᠡᠮᠢ ᠶᠢᠨ ᠤᠷᠠᠯᠢᠭ ᠢᠶᠠᠨ 10.30 ᠳᠦ ︽ᠳᠡᠯᠡᠬᠡᠢ ᠶᠢᠨ ᠳᠡᠭᠡᠳᠦ ᠠᠮᠵᠢᠯᠲᠠ︾ ᠍ ᠳᠦ ᠪᠥᠷᠢᠳᠬᠡᠭᠦᠯᠬᠦ ᠭᠡᠵᠦ ᠪᠠᠶᠢᠨ᠎ᠠ᠃ ᠲᠤᠰ ᠠᠶᠢᠮᠠᠭ ᠤᠨ ᠶᠡᠷᠦᠩᠬᠡᠢ ᠪᠣᠯᠪᠠᠰᠤᠷᠠᠯ ᠤᠨ 25 ᠰᠤᠷᠭᠠᠭᠤᠯᠢ᠂ 15 ᠴᠡᠴᠡᠷᠯᠢᠭ᠂ ︽ᠬᠣᠪᠳᠣ︾ ᠶᠡᠬᠡ ᠰᠤᠷᠭᠠᠭᠤᠯᠢ᠂ ︽ᠬᠥᠭᠵᠢᠯ︾ ᠫᠣᠯᠢᠲ᠋ᠧᠭᠨᠢᠭ ᠺᠣᠯᠯᠧᠵᠢ᠂ ᠵᠡᠪᠰᠡᠭᠲᠦ ᠬᠦᠴᠦᠨ ᠦ 123 ᠳ᠋ᠤᠭᠠᠷ ᠠᠩᠬᠢ ᠶᠢᠨ ᠠᠪᠢᠶᠠᠰᠯᠢᠭ ᠵᠠᠯᠠᠭᠤᠰ᠂ ᠬᠡᠦᠬᠡᠳ ᠪᠠᠭᠠᠴᠤᠳ ᠪᠣᠯᠤᠨ ᠠᠷᠠᠳ ᠤᠨ  ᠠᠪᠢᠶᠠᠰᠲᠠᠳ ᠂ ᠮᠡᠷᠭᠡᠵᠢᠯ ᠦᠨ ᠤᠷᠠᠨ ᠪᠦᠲᠦᠭᠡᠯᠴᠢᠳ ᠵᠡᠷᠭᠡ 1400 ᠭᠠᠷᠤᠢ ᠬᠥᠭᠡᠮᠢᠴᠢ ᠡᠨᠡ ᠠᠷᠭ᠎ᠠ ᠬᠡᠮᠵᠢᠶᠡᠨ ᠳᠦ ᠣᠷᠣᠯᠴᠠᠵᠤ ᠪᠠᠶᠢᠭ᠎ᠠ ᠶᠤᠮ ᠃
ᠲᠠᠪᠤᠨ ᠨᠠᠰᠤᠲᠠᠢ ᠪᠠᠯᠴᠢᠷ ᠠᠴᠠ ᠡᠬᠢᠯᠡᠭᠡᠳ 83 ᠨᠠᠰᠤᠲᠠᠢ ᠪᠠᠭᠤᠷᠠᠢ ᠬᠥᠭᠡᠮᠢᠴᠢ ᠨᠢᠭᠡ ᠵᠡᠷᠭᠡ ᠬᠥᠭᠡᠮᠢᠯᠡᠵᠦ ᠮᠣᠩᠭᠣᠯ ᠬᠥᠭᠡᠮᠢ ᠶᠢ ᠭᠢᠨᠢᠰ ᠦᠨ ᠨᠤᠮ ᠳᠦ ᠪᠥᠷᠢᠳᠬᠡᠭᠦᠯᠬᠦ ᠭᠡᠨ᠎ᠡ᠃ ᠬᠥᠭᠡᠮᠢ ᠪᠡᠨ ᠳᠡᠯᠡᠬᠡᠢ ᠶᠢᠨ ᠳᠡᠭᠡᠳᠦ ᠠᠮᠵᠢᠯᠲᠠ᠂  ᠭᠢᠨᠢᠰ ᠦᠨ ᠨᠤᠮ ᠳᠤ ᠪᠥᠷᠢᠳᠬᠡᠭᠦᠯᠬᠦ ᠲᠡᠦᠬᠡᠨ ᠦᠢᠯᠡ ᠬᠡᠷᠡᠭ ᠲᠦ ᠣᠷᠣᠯᠴᠠᠬᠤ ᠪᠠᠷ ᠪᠤᠰᠤᠳ ᠠᠶᠢᠮᠠᠭ᠂ ᠤᠯᠠᠭᠠᠨᠪᠠᠭᠠᠲᠤᠷ ᠬᠣᠲᠠ᠂ ᠪᠦᠭᠦᠳᠡ ᠨᠠᠶᠢᠷᠠᠮᠳᠠᠬᠤ ᠲᠤᠸᠠ ᠤᠯᠤᠰ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠭᠡᠮᠢᠴᠢᠳ ᠬᠦᠷᠦᠯᠴᠡᠨ ᠢᠷᠡᠵᠡᠢ᠃

ᠰᠡᠳᠬᠢᠭᠳᠡᠯ ᠦᠯᠡᠳᠡᠭᠡᠬᠦ