ᠳ∙ᠴᠣᠭᠲᠤᠪᠠᠭᠠᠲᠤᠷ ᠫᠣᠲ᠋ᠣᠮᠠᠺ ᠤᠨ ᠤᠳᠤᠷᠢᠳᠤᠯᠭ᠎ᠠ ᠲᠠᠢ ᠠᠭᠤᠯᠵᠠᠪᠠ  | News.MN

ᠳ∙ᠴᠣᠭᠲᠤᠪᠠᠭᠠᠲᠤᠷ ᠫᠣᠲ᠋ᠣᠮᠠᠺ ᠤᠨ ᠤᠳᠤᠷᠢᠳᠤᠯᠭ᠎ᠠ ᠲᠠᠢ ᠠᠭᠤᠯᠵᠠᠪᠠ 

ᠠᠮᠧᠷᠢᠺᠠ ᠶᠢᠨ ᠫᠣᠲ᠋ᠣᠮᠠᠺ ᠤᠨ ᠶᠡᠬᠡ ᠰᠤᠷᠭᠠᠭᠤᠯᠢ ᠶᠢᠨ ᠶᠡᠷᠦᠩᠬᠡᠶᠢᠯᠡᠭᠴᠢ ᠨᠣᠶᠠᠨ ᠷᠢᠺ ᠮᠥᠷᠹᠷᠢ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠲᠠᠢ 10 ᠳ᠋ᠤᠭᠠᠷ ᠰᠠᠷ᠎ᠠ ᠶᠢᠨ 29 ᠍ ᠳᠦ ᠠᠭᠤᠯᠵᠠᠵᠤ᠂ ᠮᠣᠩᠭᠣᠯ᠂ ᠠᠮᠧᠷᠢᠺᠠ ᠶᠢᠨ ᠶᠡᠬᠡ ᠳᠡᠭᠡᠳᠦ ᠰᠤᠷᠭᠠᠭᠤᠯᠢ ᠨᠤᠭᠤᠳ ᠤᠨ ᠬᠣᠭᠣᠷᠣᠨᠳᠣ ᠬᠠᠷᠢᠯᠴᠠᠭ᠎ᠠ ᠬᠣᠯᠪᠣᠭ᠎ᠠ ᠲᠣᠭᠲᠠᠭᠠᠬᠤ᠂ ᠮᠣᠩᠭᠣᠯ ᠤᠶᠤᠲᠠᠳ ᠢ ᠬᠥᠩᠭᠡᠯᠡᠯᠲᠡ ᠲᠡᠢ ᠨᠥᠬᠥᠴᠡᠯ ᠢᠶᠡᠷ ᠰᠤᠷᠤᠯᠴᠠᠭᠤᠯᠬᠤ ᠲᠠᠯ᠎ᠠ ᠪᠠᠷ ᠠᠵᠢᠯᠯᠠᠵᠤ ᠪᠠᠶᠢᠭ᠎ᠠ ᠪᠠᠨ ᠮᠡᠳᠡᠭᠡᠯᠡᠵᠦ᠂ ᠰᠠᠨᠠᠯ ᠰᠤᠯᠢᠯᠴᠠᠪᠠ᠃
ᠰᠠᠶᠢᠳ ᠳ∙ᠴᠣᠭᠲᠤᠪᠠᠭᠠᠲᠤᠷ ᠮᠣᠩᠭᠣᠯ ᠤᠨ ᠣᠶᠤᠲᠠᠨ ᠵᠠᠯᠠᠭᠤᠰ ᠤᠨ ᠭᠠᠳᠠᠭᠠᠳᠤ ᠶᠢᠨ ᠤᠯᠤᠰ ᠣᠷᠣᠨ ᠳᠤ ᠰᠤᠷᠤᠯᠴᠠᠬᠤ᠂ ᠮᠡᠷᠭᠡᠵᠢᠯ ᠡᠵᠡᠮᠰᠢᠬᠦ ᠪᠣᠯᠤᠮᠵᠢ ᠶᠢ ᠨᠡᠮᠡᠭᠳᠡᠭᠦᠯᠬᠦ ᠳᠦ ᠫᠣᠲ᠋ᠣᠮᠠᠺ ᠤᠨ ᠶᠡᠬᠡ ᠰᠤᠷᠭᠠᠭᠤᠯᠢ ᠶᠢᠨ ᠡᠨᠡᠬᠦ ᠰᠠᠨᠠᠯ ᠰᠠᠨᠠᠭᠠᠴᠢᠯᠠᠭ᠎ᠠ ᠨᠢ ᠴᠢᠬᠤᠯᠠ ᠡᠭᠦᠷᠭᠡ ᠲᠡᠢ ᠪᠣᠯᠬᠤ ᠶᠢ ᠲᠡᠮᠳᠡᠭᠯᠡᠪᠡ᠃ ᠥᠨᠥᠳᠥᠷ ᠦᠨ ᠪᠠᠶᠢᠳᠠᠯ ᠢᠶᠠᠷ ᠠᠮᠧᠷᠢᠺᠠ ᠳᠦ 3000 ᠣᠷᠴᠢᠮ ᠮᠣᠩᠭᠣᠯ ᠣᠶᠤᠲᠠᠨ ᠰᠤᠷᠤᠯᠴᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ