ᠮᠣᠩᠭᠣᠯ ᠳᠡᠯᠡᠬᠡᠢ ᠶᠢᠨ ᠦᠷᠠᠨ ᠤ 2 ᠬᠤᠪᠢ ᠶᠢ ᠪᠦᠷᠢᠳᠦᠭᠦᠯᠳᠡᠭ  | News.MN

ᠮᠣᠩᠭᠣᠯ ᠳᠡᠯᠡᠬᠡᠢ ᠶᠢᠨ ᠦᠷᠠᠨ ᠤ 2 ᠬᠤᠪᠢ ᠶᠢ ᠪᠦᠷᠢᠳᠦᠭᠦᠯᠳᠡᠭ 

ᠣᠯᠠᠨ ᠤᠯᠤᠰ ᠤᠨ ᠠᠲ᠋ᠣᠮ ᠤᠨ ᠡᠨᠧᠷᠭᠢ ᠶᠢᠨ ᠠᠭᠧᠨᠲᠯᠢᠭ ᠠᠴᠠ ᠭᠠᠷᠭᠠᠭᠰᠠᠨ ᠮᠡᠳᠡᠭᠡᠯᠡᠯ ᠳᠦ ᠨᠢᠭᠡ  ᠺᠢᠯᠦᠭᠷᠡᠮ ᠦᠷᠡᠨ ᠢ 260 ᠬᠦᠷᠲᠡᠯᠡᠬᠢ ᠳ᠋ᠣᠯᠯᠠᠷ ᠤᠨ ᠥᠷᠲᠡᠭ ᠢᠶᠡᠷ ᠣᠯᠪᠤᠷᠢᠯᠠᠬᠤ ᠪᠣᠯᠤᠮᠵᠢ ᠲᠠᠢ 7.9 ᠰᠠᠶ᠎ᠠ ᠲᠣᠨ᠂ 130 ᠬᠦᠷᠲᠡᠯᠡᠬᠢ ᠳ᠋ᠣᠯᠯᠠᠷ ᠤᠨ ᠥᠷᠲᠡᠭ ᠢᠶᠡᠷ ᠣᠯᠪᠤᠷᠢᠯᠠᠬᠤ ᠪᠣᠯᠤᠮᠵᠢ ᠲᠠᠢ 6.4 ᠰᠠᠶ᠎ᠠ ᠲᠣᠨ ᠦᠷᠠᠨ ᠤ ᠨᠥᠭᠡᠴᠡ ᠳᠡᠯᠡᠬᠡᠢ ᠳᠦ ᠪᠤᠢ ᠭᠡᠵᠦ ᠲᠣᠭᠠᠴᠠᠵᠠᠢ᠃ ᠳᠡᠭᠡᠷᠡᠬᠢ ᠨᠥᠭᠡᠴᠡ ᠶᠢᠨ 95 ᠬᠤᠪᠢ ᠶᠢ 15 ᠤᠯᠤᠰ ᠣᠷᠣᠨ ᠡᠵᠡᠮᠰᠢᠵᠦ ᠪᠠᠶᠢᠭ᠎ᠠ ᠪᠣᠯ ᠦᠯᠡᠳᠡᠭᠰᠡᠨ 5 ᠬᠤᠪᠢ ᠨᠢ 22 ᠤᠯᠤᠰ ᠲᠤ ᠨᠣᠭᠳᠠᠵᠤ ᠪᠠᠶᠢᠨ᠎ᠠ᠃
ᠮᠣᠩᠭᠣᠯ ᠤᠯᠤᠰ 166.6 ᠮᠢᠩᠭᠠᠨ ᠲᠣᠨ ᠪᠠᠲᠤᠯᠠᠭᠳᠠᠭᠰᠠᠨ ᠦᠷᠠᠨ ᠤ ᠨᠦᠭᠡᠴᠡ ᠲᠠᠢ ᠪᠡᠷ ᠳᠡᠯᠡᠬᠡᠢ ᠶᠢᠨ ᠨᠥᠭᠡᠴᠡ ᠶᠢᠨ 2 ᠬᠤᠪᠢ ᠶᠢ ᠪᠦᠷᠢᠳᠦᠭᠦᠯᠵᠦ ᠪᠠᠶᠢᠭ᠎ᠠ ᠪᠦᠭᠡᠳ ᠡᠨᠡ ᠨᠢ ᠮᠠᠨ ᠤ ᠤᠯᠤᠰ ᠤᠨ ᠡᠮᠦᠨᠡᠲᠦ ᠬᠡᠰᠡᠭ ᠲᠦ ᠡᠯᠡᠰᠦᠨ ᠴᠢᠯᠠᠭᠤᠨ ᠤ ᠣᠷᠳᠣ ᠶᠢᠨ ᠲᠥᠷᠥᠯ ᠳᠦ ᠬᠠᠮᠢᠶᠠᠷᠬᠤ ᠵᠦᠭᠡᠭᠡᠪᠴᠢ ᠣᠪᠣᠭ᠎ᠠ᠂ ᠳᠤᠯᠠᠭᠠᠨ-ᠠᠭᠤᠯᠠ᠂ ᠬᠠᠷᠠᠭᠠᠲᠤ᠂ ᠬᠠᠶᠢᠷᠬᠠᠨ᠂ ᠭᠤᠷᠪᠠᠨᠰᠠᠶᠢᠬᠠᠨ ᠤ ᠨᠤᠲᠤᠭ ᠲᠤ ᠪᠠᠶᠢᠷᠢᠯᠠᠳᠠᠭ ᠣᠷᠳᠣ ᠨᠤᠭᠤᠳ ᠶᠤᠮ᠃ ᠦᠷᠠᠨ ᠤ ᠬᠥᠳᠡᠷ ᠦᠨ ᠪᠠᠶᠠᠵᠢᠮᠠᠯ ᠪᠤᠶᠤ ᠰᠢᠷ᠎ᠠ ᠨᠤᠨᠲᠠᠭ ᠢ ᠮᠠᠨ ᠤ ᠤᠯᠤᠰ ᠲᠤ ᠲᠤᠷᠰᠢᠯᠲᠠ ᠪᠠᠷ ᠣᠯᠪᠤᠷᠢᠯᠠᠳᠠᠭ᠃

ᠰᠡᠳᠬᠢᠭᠳᠡᠯ ᠦᠯᠡᠳᠡᠭᠡᠬᠦ