ᠬᠢᠲᠠᠳ ᠤᠨ ᠢᠷᠭᠡᠨ ᠦ ᠬᠠᠤᠯᠢ ᠪᠤᠰᠤ ᠦᠢᠯᠡᠳᠦᠯ ᠢ ᠵᠤᠭᠰᠤᠭᠠᠵᠠᠢ  | News.MN

ᠬᠢᠲᠠᠳ ᠤᠨ ᠢᠷᠭᠡᠨ ᠦ ᠬᠠᠤᠯᠢ ᠪᠤᠰᠤ ᠦᠢᠯᠡᠳᠦᠯ ᠢ ᠵᠤᠭᠰᠤᠭᠠᠵᠠᠢ 

ᠡᠨᠡ ᠰᠠᠷ᠎ᠠ ᠶᠢᠨ 25 ᠤ ᠡᠳᠦᠷ ᠭᠣᠪᠢ-ᠠᠯᠲᠠᠢ ᠠᠶᠢᠮᠠᠭ ᠤᠨ ᠶᠢᠰᠦᠨᠪᠤᠯᠠᠭ ᠰᠤᠮᠤ ᠶᠢᠨ ᠵᠢᠩᠰᠡᠲᠦ ᠪᠠᠭ ᠤᠨ ᠨᠤᠲᠤᠭ ᠳᠡᠪᠢᠰᠬᠡᠷ ᠲᠦ ᠪᠠᠶᠢᠷᠢᠯᠠᠬᠤ ︽ᠵᠢᠷᠭᠠᠯᠠᠩᠲᠤ ᠠᠫᠠᠷᠲ᠋ᠮᠧᠨᠲ︾ ᠬᠣᠲᠠᠬᠠᠨ ᠳᠤ ᠬᠢᠲᠠᠳ ᠤᠯᠤᠰ ᠤᠨ ᠢᠷᠭᠡᠨ ᠬᠣᠣᠰᠪᠠᠶᠠᠷ ᠭᠡᠭᠴᠢ ᠮᠡᠷᠭᠡᠵᠢᠯ ᠦᠨ ᠦᠢᠯᠡ ᠠᠵᠢᠯᠯᠠᠭ᠎ᠠ ᠶᠠᠪᠤᠭᠤᠯᠬᠤ ᠵᠥᠪᠰᠢᠶᠡᠷᠡᠯ ᠦᠭᠡᠢ ᠪᠡᠷ ᠡᠮᠴᠢᠯᠡᠭᠡ ᠬᠢᠬᠦ ᠭᠡᠵᠦ ᠪᠠᠶᠢᠭᠰᠠᠨ ᠢ ᠲᠤᠰ ᠠᠶᠢᠮᠠᠭ ᠤᠨ ᠮᠡᠷᠭᠡᠵᠢᠯ ᠦᠨ ᠬᠢᠨᠠᠯᠲᠠ ᠶᠢᠨ ᠭᠠᠵᠠᠷ ᠤᠨ ᠡᠮᠴᠢᠯᠡᠭᠡᠨ ᠦ ᠴᠢᠨᠠᠷ ᠤᠨ ᠬᠢᠨᠠᠯᠲᠠ ᠶᠢᠨ ᠤᠯᠤᠰ ᠤᠨ ᠪᠠᠶᠢᠴᠠᠭᠠᠭᠴᠢ ᠼ∙ᠠᠯᠲᠠᠨᠲᠤᠶᠠᠭ᠎ᠠ᠂ ᠡᠮ ᠪᠢᠤ᠋ ᠪᠡᠯᠡᠳᠦᠮᠡᠯ ᠦᠨ ᠬᠢᠨᠠᠯᠲᠠ ᠶᠢᠨ ᠤᠯᠤᠰ ᠤᠨ ᠪᠠᠶᠢᠴᠠᠭᠠᠭᠴᠢ ᠪ∙ᠴᠡᠪᠡᠭᠰᠦ᠋ᠷᠦᠩ ᠨᠠᠷ ᠵᠤᠭᠰᠤᠭᠠᠵᠠᠢ᠃ ᠴᠠᠬᠢᠮ ᠰᠦᠯᠵᠢᠶᠡᠨ ᠳᠦ ᠪᠠᠶᠢᠷᠢᠰᠢᠭᠤᠯᠤᠭᠰᠠᠨ ︽ᠥᠪᠥᠷ ᠮᠣᠩᠭᠣᠯ ᠡᠮᠴᠢ ᠦᠵᠡᠯᠭᠡ᠂ ᠡᠮᠴᠢᠯᠡᠭᠡ ᠬᠢᠨ᠎ᠡ︾ ᠭᠡᠬᠦ ᠵᠠᠷ ᠤᠨ ᠮᠥᠷ ᠢᠶᠡᠷ ᠣᠴᠢᠵᠤ ᠰᠢᠯᠭᠠᠬᠤ ᠳᠤ ᠳᠡᠭᠡᠷᠡᠬᠢ ᠢᠷᠭᠡᠨ ᠨᠢ ᠪᠢᠴᠢᠭ ᠪᠠᠷᠢᠮᠲᠠ ᠦᠭᠡᠢ ᠡᠴᠡ ᠭᠠᠳᠠᠨ᠎ᠠ ᠮᠣᠩᠭᠣᠯ ᠤᠯᠤᠰ ᠤᠨ ᠡᠮ ᠦᠨ ᠪᠦᠷᠢᠳᠬᠡᠯ ᠳᠦ ᠪᠥᠷᠢᠳᠬᠡᠭᠦᠯᠦᠭᠡ ᠦᠭᠡᠢ ᠪᠤᠶᠤ ᠵᠥᠪᠰᠢᠶᠡᠷᠡᠯ ᠦᠭᠡᠢ 21 ᠲᠥᠷᠥᠯ ᠦᠨ 65 ᠰᠢᠷᠬᠡᠭ ᠡᠮ᠂ ᠡᠮᠨᠡᠯᠭᠡ ᠶᠢᠨ ᠬᠡᠷᠡᠭᠰᠡᠯ᠂ 48 ᠲᠥᠷᠥᠯ ᠦᠨ ᠦᠨ᠎ᠡ᠂ ᠬᠠᠶ᠋ᠢᠭ ᠲᠣᠳᠣᠷᠬᠠᠢ ᠦᠭᠡᠢ ᠲᠠᠩ ᠂ ᠲᠠᠯᠬ᠎ᠠ᠂  ᠦᠷᠢᠯ ᠡᠮ ᠢ ᠠᠰᠢᠭᠯᠠᠬᠤ ᠪᠠᠷ ᠵᠡᠬᠡᠵᠦ ᠪᠠᠶᠢᠭᠰᠠᠨ ᠢ ᠬᠤᠷᠢᠶᠠᠨ ᠠᠪᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ