ᠪᠤᠯᠠᠭᠠᠨ ᠠᠶᠢᠮᠠᠭ ᠤᠨ ᠬᠢᠨ 50 ᠲᠣᠨ ᠠᠶᠢᠷᠠᠭ ᠲᠠᠢ ᠢᠷᠡᠵᠡᠢ  | News.MN

ᠪᠤᠯᠠᠭᠠᠨ ᠠᠶᠢᠮᠠᠭ ᠤᠨ ᠬᠢᠨ 50 ᠲᠣᠨ ᠠᠶᠢᠷᠠᠭ ᠲᠠᠢ ᠢᠷᠡᠵᠡᠢ 

ᠪᠤᠯᠠᠭᠠᠨ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠰᠠᠨᠠᠭᠠᠴᠢᠯᠠᠨ ︽ᠠᠶᠢᠷᠠᠭ ᠤᠨ ᠪᠠᠶᠠᠷ-2019 ︾ ᠶᠢ ᠠᠩᠬ᠎ᠠ ᠤᠳᠠᠭ᠎ᠠ ᠨᠡᠶᠢᠰᠯᠡᠯ ᠬᠤᠲᠠ ᠳᠤ ᠲᠤᠰᠠᠭᠠᠷ ᠲᠣᠭᠲᠠᠨᠢᠯ ᠤᠨ ᠲᠠᠯᠠᠪᠠᠢ ᠳᠤ ᠵᠣᠬᠢᠶᠠᠨ ᠪᠠᠶᠢᠭᠤᠯᠪᠠ᠃ ᠡᠨᠡᠬᠦ ᠪᠠᠶᠠᠷ ᠲᠤ ᠣᠷᠣᠯᠴᠠᠬᠤ ᠪᠠᠷ ᠲᠤᠰ ᠠᠶᠢᠮᠠᠭ ᠤᠨ 9 ᠰᠤᠮᠤ ᠶᠢᠨ 200 ᠮᠠᠯᠴᠢᠨ 80 ᠣᠷᠴᠢᠮ ᠲᠣᠨ ᠠᠶᠢᠷᠠᠭ ᠪᠡᠯᠡᠳᠬᠡᠭᠰᠡᠨ ᠡᠴᠡ 50 ᠭᠠᠷᠤᠢ ᠲᠣᠨ ᠢ ᠠᠪᠴᠤ ᠢᠷᠡᠵᠡᠢ᠃ ᠠᠶᠢᠷᠠᠭ ᠤᠨ ᠡᠷᠢᠯᠲᠡ ᠶᠡᠬᠡ ᠪᠠᠶᠢᠪᠠᠯ ᠣᠶᠢᠷᠠᠯᠴᠠᠭᠠᠬᠢ ᠰᠤᠮᠤᠳ ᠠᠴᠠ ᠲᠠᠲᠠᠨ ᠠᠪᠴᠤ ᠢᠷᠡᠬᠦ ᠪᠣᠯᠤᠮᠵᠢ ᠲᠠᠢ ᠭᠡᠳᠡᠭ ᠢ ᠵᠣᠬᠢᠶᠠᠨ ᠪᠠᠶᠢᠭᠤᠯᠤᠭᠴᠢᠳ ᠬᠡᠯᠡᠵᠦ ᠪᠠᠶᠢᠨ᠎ᠠ᠃ ᠠᠶᠢᠷᠠᠭ ᠤᠨ ᠪᠠᠶᠠᠷ ᠬᠣᠶᠠᠷ ᠬᠣᠨᠣᠭ ᠦᠷᠭᠦᠯᠵᠢᠯᠡᠬᠦ ᠪᠥᠭᠡᠳ ᠨᠡᠶᠢᠰᠯᠡᠯ ᠢ ᠵᠣᠷᠢᠵᠤ ᠢᠷᠡᠭᠰᠡᠨ ᠢᠷᠭᠡᠳ ᠡᠨᠡ ᠡᠳᠦᠷ ᠦᠳ ᠲᠦ ᠠᠶᠢᠷᠠᠭ ᠢᠶᠠᠨ ᠪᠦᠷᠢᠨ ᠭᠦᠢᠴᠡᠳ ᠪᠣᠷᠣᠯᠠᠭᠤᠯᠬᠤ ᠪᠣᠯᠤᠮᠵᠢ ᠲᠠᠢ ᠠᠵᠠᠢ᠃ ᠨᠢᠭᠡ ᠯᠢᠲ᠋ᠷ ᠠᠶᠢᠷᠠᠭ 5000 ᠲᠥᠭᠥᠷᠢᠭ ᠦᠨ ᠦᠨ᠎ᠡ ᠲᠡᠢ ᠪᠠᠶᠢᠨ᠎ᠠ᠃
ᠪᠤᠯᠠᠭᠠᠨ ᠠᠶᠢᠮᠠᠭ ᠤᠨ ᠵᠠᠰᠠᠭ ᠳᠠᠷᠤᠭ᠎ᠠ ᠶᠢᠨ ᠣᠷᠣᠯᠠᠭᠴᠢ ᠣ᠊∙ᠭᠠᠩᠲᠤᠯᠭ᠎ᠠ ᠬᠡᠯᠡᠬᠦ ᠳᠦ ᠪᠡᠨ᠄ ᠠᠶᠢᠷᠠᠭ ᠪᠣᠯ ᠪᠤᠯᠠᠭᠠᠨ ᠠᠶᠢᠮᠠᠭ ᠤᠨ ᠪᠷᠡᠨᠳ᠋ ᠪᠦᠲᠦᠭᠡᠭᠳᠡᠬᠦᠨ᠃ ᠨᠠᠮᠤᠷ ᠤᠨ ᠶᠡᠬᠡ ᠠᠵᠢᠯ ᠤᠨ ᠠᠷᠤ ᠳᠤ ᠭᠠᠷᠴᠤ᠂ ᠡᠪᠦᠯᠵᠢᠯᠲᠡ᠂ ᠬᠠᠪᠤᠷᠵᠢᠯᠲᠠ ᠶᠢᠨ ᠪᠡᠯᠡᠳᠬᠡᠯ ᠢ ᠬᠠᠩᠭᠠᠨ᠂ ᠤᠷᠭᠤᠴᠠ ᠪᠠᠨ ᠬᠤᠷᠢᠶᠠᠵᠤ ᠳᠠᠭᠤᠰᠤᠭᠰᠠᠨ ᠲᠤᠯᠠ ᠨᠡᠶᠢᠰᠯᠡᠯ ᠦᠨ ᠬᠢᠨ ᠳᠦ ᠪᠡᠨ ᠠᠳᠤᠭᠤ᠂ ᠠᠶᠢᠷᠠᠭ ᠲᠠᠢ ᠬᠣᠯᠪᠣᠭ᠎ᠠ ᠲᠠᠢ ᠥᠪ ᠰᠤᠶᠤᠯ ᠢᠶᠠᠨ ᠰᠤᠷᠲᠠᠯᠴᠢᠯᠠᠵᠤ ᠪᠠᠶᠢᠨ᠎ᠠ᠃ ᠵᠤᠨ ᠤ ᠴᠠᠭ ᠲᠤ ᠠᠯᠢ ᠴᠤ ᠨᠤᠲᠤᠭ ᠲᠤ ᠠᠶᠢᠷᠠᠭ ᠡᠯᠪᠡᠭ ᠪᠠᠶᠢᠳᠠᠭ᠃ ᠬᠠᠷᠢᠨ ᠨᠠᠮᠤᠷ ᠪᠣᠯᠵᠤ᠂ ᠮᠠᠯᠴᠢᠳ ᠭᠡᠭᠦᠦ ᠪᠡᠨ ᠲᠠᠯᠪᠢᠵᠤ᠂ ᠴᠠᠭᠠᠨ ᠢᠳᠡᠭᠡ ᠬᠣᠪᠣᠷᠳᠠᠵᠤ ᠪᠤᠢ ᠡᠨᠡ ᠴᠠᠭ ᠲᠤ ᠨᠡᠶᠢᠰᠯᠡᠯ ᠦᠨ ᠬᠢᠨ ᠲᠡᠳᠦᠢ ᠦᠭᠡᠢ ᠵᠢᠭᠤᠯᠴᠢᠳ ᠲᠤ ᠬᠥᠬᠥᠥᠷ ᠦᠨ ᠰᠢᠨᠡᠬᠡᠨ ᠠᠶᠢᠷᠠᠭ ᠢᠶᠠᠷ ᠪᠡᠯᠡᠭ ᠪᠠᠷᠢᠬᠤ ᠨᠢ ᠡᠨᠡ ᠨᠠᠭᠠᠳᠤᠮ ᠤᠨ ᠵᠣᠷᠢᠯᠭ᠎ᠠ ᠶᠤᠮ ᠬᠡᠮᠡᠨ ᠲᠣᠳᠣᠳᠬᠠᠪᠠ᠃ ᠠᠶᠢᠷᠠᠭ ᠤᠨ ᠪᠠᠶᠠᠷ ᠤᠨ ᠦᠶ᠎ᠡ ᠪᠡᠷ ᠤᠷᠠᠯᠢᠭ ᠤᠨ ᠲᠣᠭᠯᠠᠯᠲᠠ᠂ ︽ᠠᠶᠢᠷᠠᠭ ᠲᠤ ᠬᠤᠷᠤᠭᠤᠳᠠᠶ᠎ᠠ︾᠂ ︽ᠳᠡᠮᠪᠡᠭᠡ︾᠂ ︽ᠬᠡᠨ ᠠᠶᠢᠷᠠᠭ ᠰᠠᠶᠢᠨ ᠤᠤᠭᠤᠬᠤ ᠪᠤᠢ︾᠂ ︽ᠰᠠᠶᠢᠬᠠᠨ ᠠᠶᠢᠷᠠᠭ︾᠂ ︽ᠰᠠᠶᠢᠬᠠᠨ ᠬᠥᠬᠥᠥᠷ︾ ᠰᠢᠯᠭᠠᠷᠠᠭᠤᠯᠬᠤ ᠲᠡᠮᠡᠴᠡᠭᠡᠨ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ