ᠨᠠᠷᠠᠨᠪᠠᠭᠠᠲᠤᠷ ᠺᠯᠢᠫ ᠦᠨ ᠵᠢᠷᠤᠭ ᠠᠪᠤᠯᠲᠠ ᠶᠢ ᠤᠷᠤᠰ ᠲᠦ ᠬᠢᠵᠡᠢ | News.MN

 ᠨᠠᠷᠠᠨᠪᠠᠭᠠᠲᠤᠷ ᠺᠯᠢᠫ ᠦᠨ ᠵᠢᠷᠤᠭ ᠠᠪᠤᠯᠲᠠ ᠶᠢ ᠤᠷᠤᠰ ᠲᠦ ᠬᠢᠵᠡᠢ

ᠮᠣᠩᠭᠣᠯ ᠤᠯᠤᠰ ᠤᠨ ᠹᠢᠯᠠᠷᠮᠣᠨᠢ ᠶᠢᠨ ᠭᠣᠴᠣᠯᠠᠯ ᠳᠠᠭᠤᠴᠢᠨ ᠨ∙ᠨᠠᠷᠠᠨᠪᠠᠭᠠᠲᠤᠷ ᠢ ᠣᠯᠠᠨ ᠰᠠᠶᠢᠬᠠᠨ ᠤᠷᠠᠨ ᠪᠦᠲᠦᠭᠡᠯ ᠢᠶᠡᠷ ᠨᠢ ᠦᠵᠡᠭᠴᠢ᠂ ᠰᠣᠨᠣᠰᠤᠭᠴᠢᠳ ᠠᠨᠳᠤᠬᠤ ᠦᠭᠡᠢ᠃ ᠲᠡᠷᠡᠪᠡᠷ ᠠᠩᠬ᠎ᠠ Nature sound ᠡᠴᠡ ᠤᠷᠠᠨ ᠪᠦᠲᠦᠭᠡᠯ ᠦᠨ ᠭᠠᠷᠤᠭ᠎ᠠ ᠪᠠᠨ ᠡᠬᠢᠯᠡᠵᠦ ᠪᠠᠶᠢᠭᠰᠠᠨ ᠪᠣᠯ ᠣᠳᠣ ᠮᠣᠩᠭᠣᠯ ᠤᠨ ᠷᠣᠺ ᠫᠣᠫ ᠤᠨ  ᠶᠢᠷᠲᠢᠨᠴᠦ ᠳᠦ ᠥᠪᠡᠷ ᠦᠨ ᠭᠡᠰᠡᠨ ᠪᠠᠶᠢᠷᠢ ᠰᠠᠭᠤᠷᠢ ᠪᠠᠨ ᠡᠵᠡᠯᠡᠵᠡᠢ᠃
ᠲᠡᠷᠡᠪᠡᠷ ᠡᠨᠡ ᠰᠠᠷ᠎ᠠ ᠶᠢᠨ 25 ᠤ ᠡᠳᠦᠷ ᠰᠢᠨ᠎ᠡ ᠤᠷᠠᠨ ᠪᠦᠲᠦᠭᠡᠯ ᠪᠣᠯᠬᠤ Jealousy ᠳᠠᠭᠤᠤ ᠶᠢᠨ ᠺᠯᠢᠫ ᠢᠶᠡᠨ ᠰᠠᠴᠤᠵᠤ ᠡᠬᠢᠯᠡᠭᠰᠡᠨ᠃ ᠡᠨᠡ ᠳᠠᠭᠤᠤ ᠪᠠᠨ ᠳᠠᠭᠤᠴᠢᠨ ᠪ∙ᠪᠠᠶᠠᠷᠴᠡᠴᠡᠭ ᠲᠡᠢ ᠬᠠᠮᠲᠤᠷᠠᠨ ᠳᠠᠭᠤᠯᠠᠵᠠᠢ᠃  ᠳᠠᠭᠤᠤ ᠶᠢᠨ ᠺᠯᠢᠫ ᠢ ᠣᠷᠣᠰ ᠤᠨ ᠡᠷᠲᠡᠨ ᠦ ᠨᠡᠶᠢᠰᠯᠡᠯ ᠰᠠᠩᠲ ᠫᠸᠲᠸᠷᠪᠦ᠋ᠷᠡᠭ ᠲᠤ ᠳᠦᠷᠰᠦᠵᠢᠭᠦᠯᠦᠭᠰᠡᠨ ᠪᠠᠶᠢᠨ᠎ᠠ᠃ ᠳᠠᠭᠤᠴᠢᠨ ᠤ ᠤᠶᠠᠩᠭᠠᠯᠢᠭ᠂ ᠢᠷᠠᠭᠤ ᠬᠣᠭᠣᠯᠠᠢ ᠬᠣᠲᠠ ᠶᠢᠨ ᠥᠩᠭᠡ ᠦᠵᠡᠮᠵᠢ ᠲᠡᠢ ᠨᠢᠭᠡᠳᠦᠨ ᠨᠡᠶᠢᠯᠡᠵᠦ᠂ ᠰᠠᠩᠲ ᠫᠸᠲᠸᠷᠪᠦ᠋ᠷᠡᠭ ᠲᠤ ᠰᠤᠷᠴᠤ᠂ ᠠᠮᠢᠳᠤᠷᠠᠵᠤ ᠪᠠᠶᠢᠭᠰᠠᠨ ᠬᠡᠨ ᠪᠦᠬᠦᠨ ᠦ ᠰᠡᠳᠬᠢᠯ ᠢ ᠳᠣᠭᠳᠣᠯᠤᠭᠤᠯᠬᠤ ᠨᠢ ᠯᠠᠪᠲᠠᠢ᠃

ᠰᠡᠳᠬᠢᠭᠳᠡᠯ ᠦᠯᠡᠳᠡᠭᠡᠬᠦ