ᠡᠷᠳᠡᠮᠲᠡᠳ ᠣᠷᠣᠰ ᠲᠦ ᠠᠶᠢᠯᠴᠢᠯᠠᠵᠤ ᠪᠠᠶᠢᠨ᠎ᠠ  | News.MN

ᠡᠷᠳᠡᠮᠲᠡᠳ ᠣᠷᠣᠰ ᠲᠦ ᠠᠶᠢᠯᠴᠢᠯᠠᠵᠤ ᠪᠠᠶᠢᠨ᠎ᠠ 

ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠶᠡᠷᠦᠩᠬᠡᠶᠢᠯᠡᠭᠴᠢ ᠳ∙ᠷᠸᠭᠳᠡᠯ ᠲᠡᠷᠢᠭᠦᠲᠡᠢ ᠡᠷᠳᠡᠮᠲᠡᠳ ᠣᠷᠣᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠤᠷᠢᠯᠭ᠎ᠠ ᠪᠠᠷ ᠣᠷᠣᠰ ᠲᠤ ᠠᠯᠪᠠᠨ ᠶᠣᠰᠣᠨ ᠤ ᠠᠶᠢᠯᠴᠢᠯᠠᠯ ᠬᠢᠵᠦ ᠪᠠᠶᠢᠨ᠎ᠠ᠃ ᠮᠣᠩᠭᠣᠯ ᠣᠷᠣᠰ ᠤᠨ ᠬᠠᠮᠲᠤᠷᠠᠭᠰᠠᠨ ᠪᠢᠣᠯᠣᠭᠢ ᠶᠢᠨ ᠪᠣᠯᠤᠨ  ᠫᠠᠯᠸᠨᠲᠸᠤᠯᠤᠭᠢ ᠶᠢᠨ ᠡᠺᠰᠫᠧᠳᠢᠼ ᠦᠨ 50 ᠵᠢᠯ ᠦᠨ ᠣᠢ ᠶᠢ ᠲᠣᠬᠢᠶᠠᠯᠳᠤᠭᠤᠯᠤᠨ ᠥᠩᠭᠡᠷᠡᠭᠰᠡᠨ ᠰᠠᠷ᠎ᠠ ᠳᠤ ᠣᠷᠣᠰ ᠦᠨ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ ᠠ᠊∙ᠮ∙ᠰᠸᠷᠭᠸᠶ᠋ᠸᠪ ᠲᠡᠷᠢᠭᠦᠲᠡᠢ ᠲᠥᠯᠥᠭᠡᠯᠡᠭᠴᠢᠳ ᠮᠠᠨ ᠤ ᠤᠯᠤᠰ ᠲᠤ ᠠᠶᠢᠯᠴᠢᠯᠠᠭᠰᠠᠨ ᠪᠢᠯᠡ᠃ ᠲᠡᠷᠡᠪᠡᠷ ᠣᠢ ᠶᠢᠨ ᠪᠠᠶᠠᠷ ᠤᠨ ᠬᠤᠷᠠᠯ ᠳᠤ ᠣᠷᠣᠯᠴᠠᠬᠤ ᠶᠢᠨ ᠵᠡᠷᠭᠡᠴᠡᠭᠡ ᠮᠣᠩᠭᠣᠯ᠂ ᠣᠷᠣᠰ ᠤᠨ ᠰᠢᠨᠵᠢᠯᠡᠬᠦ ᠤᠬᠠᠭᠠᠨ ᠤ ᠠᠺᠠᠳᠧᠮᠢ ᠬᠠᠮᠲᠤᠷᠠᠨ ᠠᠵᠢᠯᠯᠠᠬᠤ ᠰᠢᠨᠡᠴᠢᠯᠡᠭᠰᠡᠨ ᠭᠡᠷ᠎ᠡ ᠪᠠᠶᠢᠭᠤᠯᠤᠭᠰᠠᠨ ᠪᠢᠯᠡ᠃
ᠬᠠᠭᠠᠰ ᠵᠠᠭᠤᠨ ᠵᠢᠯ ᠦᠨ ᠲᠡᠦᠬᠡ ᠲᠡᠢ ᠮᠣᠩᠭᠣᠯ ᠣᠷᠣᠰ ᠤᠨ ᠬᠠᠮᠲᠤᠷᠠᠭᠰᠠᠨ ᠪᠢᠣᠯᠣᠭᠢ ᠶᠢᠨ ᠪᠣᠯᠤᠨ ᠫᠠᠯᠸᠨᠲᠸᠤᠯᠤᠭᠢ ᠶᠢᠨ ᠡᠺᠰᠫᠧᠳᠢᠼ ᠦᠨ ᠣᠢ ᠶᠢ ᠣᠷᠣᠰ  ᠲᠦ ᠮᠥᠨ ᠲᠡᠮᠳᠡᠭᠯᠡᠨ ᠥᠩᠭᠡᠷᠡᠭᠦᠯᠵᠦ᠂ ᠲᠤᠰ ᠦᠢᠯᠡ ᠶᠠᠪᠤᠳᠠᠯ ᠲᠠᠢ ᠬᠣᠯᠪᠣᠭᠠᠲᠠᠢ ᠡᠷᠳᠡᠮ ᠰᠢᠨᠵᠢᠯᠡᠭᠡᠨ ᠦ ᠬᠤᠷᠠᠯ ᠢ ᠡᠨᠡ ᠡᠳᠦᠷ ᠦᠳ ᠲᠦ ᠵᠣᠬᠢᠶᠠᠨ ᠪᠠᠶᠢᠭᠤᠯᠵᠤ ᠪᠠᠶᠢᠨ᠎ᠠ᠃ ᠲᠤᠰ ᠬᠤᠷᠠᠯ ᠳᠤ ᠤᠷᠤᠯᠴᠠᠬᠤ ᠠᠶᠢᠯᠴᠢᠯᠠᠯ ᠤᠨ ᠪᠦᠷᠢᠯᠳᠦᠬᠦᠨ ᠳᠦ ᠠᠺᠠᠳᠧᠮᠢᠴᠢ ᠷ ∙  ᠪᠠᠷᠰᠪᠤᠯᠤᠳ᠂ ᠳ∙ᠳᠣᠷᠵᠢᠭᠣᠲᠤᠪ᠂ ᠴ∙ᠳᠤᠭᠠᠷᠵᠠᠪ᠂ ᠪ∙ᠪᠢᠮᠪᠠ᠂ ᠠ᠊∙ᠳᠤᠯᠮ᠎ᠠ ᠪᠣᠯᠤᠨ ᠠᠺᠠᠳᠧᠮᠢ ᠶᠢᠨ ᠭᠠᠵᠠᠷ ᠵᠦᠢ᠂ ᠭᠸᠦ᠋ ᠡᠺᠤᠯᠤᠭᠢ ᠶᠢᠨ  ᠬᠦᠷᠢᠶᠡᠯᠡᠩ ᠦᠨ ᠵᠠᠬᠢᠷᠤᠯ ᠳ∙ᠪᠠᠲᠤᠳᠤᠭᠲᠤᠬᠤ᠂ ᠪᠢᠣᠯᠣᠭᠢ ᠶᠢᠨ ᠬᠦᠷᠢᠶᠡᠯᠡᠩ ᠦᠨ ᠵᠠᠬᠢᠷᠤᠯ ᠶᠠ᠊∙ᠠᠳᠢᠶ᠎ᠠ ᠨᠠᠷ ᠪᠠᠭᠲᠠᠵᠠᠢ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

Босоо Монгол 2019-10-24 103.212.116.157

Босоо монгол бичиг гэдэг үгийг гутааж байндаа