︽ᠤᠷᠠᠨ ᠵᠢᠷᠭᠢᠭᠡ-2019︾ ᠨᠠᠭᠠᠳᠤᠮ  ᠪᠤᠯᠪᠠ  | News.MN

 ︽ᠤᠷᠠᠨ ᠵᠢᠷᠭᠢᠭᠡ-2019︾ ᠨᠠᠭᠠᠳᠤᠮ  ᠪᠤᠯᠪᠠ 

ᠰᠦᠬᠡᠪᠠᠭᠠᠲᠤᠷ ᠠᠶᠢᠮᠠᠭ ᠤᠨ ᠭᠡᠷ ᠪᠦᠯᠢ᠂ ᠬᠡᠦᠬᠡᠳ ᠵᠠᠯᠠᠭᠤᠴᠤᠳ ᠤᠨ ᠬᠥᠭᠵᠢᠯ ᠦᠨ ᠭᠠᠵᠠᠷ ᠥᠪᠡᠷ ᠦᠨ ᠡᠷᠬᠢᠯᠡᠬᠦ ᠦᠢᠯᠡ ᠠᠵᠢᠯᠯᠠᠭᠠᠨ ᠤ ᠬᠦᠷᠢᠶᠡᠨ ᠳᠦ ᠵᠢᠯ ᠪᠦᠷᠢ ᠣᠯᠠᠨ ᠲᠥᠷᠥᠯ ᠦᠨ ᠲᠡᠮᠡᠴᠡᠭᠡᠨ ᠤᠷᠤᠯᠳᠤᠭᠠᠨ ᠵᠣᠬᠢᠶᠠᠳᠠᠭ᠃ ᠬᠣᠶᠠᠷ ᠵᠢᠯ ᠳᠦ ᠨᠢᠭᠡ ᠤᠳᠠᠭ᠎ᠠ ᠪᠣᠯᠳᠠᠭ ︽ᠤᠷᠠᠨ ᠵᠢᠷᠭᠢᠭᠡ-2019︾ ᠨᠠᠭᠠᠳᠤᠮ ᠡᠨᠡ ᠰᠠᠷ᠎ᠠ ᠶᠢᠨ 22᠂ 23 ᠳᠦ ᠪᠣᠯᠵᠤ ᠂ 4-18 ᠨᠠᠰᠤᠨ ᠤ 80 ᠣᠷᠴᠢᠮ ᠬᠡᠦᠬᠡᠳ ᠣᠷᠣᠯᠴᠠᠨ ᠠᠪᠢᠶᠠᠰ ᠴᠢᠳᠠᠪᠤᠷᠢ ᠪᠠᠨ ᠰᠣᠷᠢᠨ ᠥᠷᠢᠰᠦᠯᠳᠦᠯ᠎ᠡ᠃
ᠳᠡᠯᠡᠬᠡᠢ ᠶᠢᠨ ᠪᠣᠯᠤᠨ ᠮᠣᠩᠭᠣᠯ ᠤᠨ ᠰᠢᠯᠢᠳᠡᠭ ᠬᠡᠦᠬᠡᠳ ᠦᠨ ᠵᠣᠬᠢᠶᠠᠯ ᠪᠦᠲᠦᠭᠡᠯ ᠢ ᠣᠯᠠᠨ ᠨᠡᠶᠢᠲᠡ ᠳᠦ ᠲᠠᠨᠢᠭᠤᠯᠬᠤ᠂ ᠬᠡᠦᠬᠡᠳ ᠢ ᠨᠤᠮ ᠳᠤ ᠳᠤᠷᠠᠲᠠᠢ ᠪᠣᠯᠭᠠᠬᠤ᠂ ᠨᠣᠮ ᠲᠠᠢ ᠨᠥᠬᠦᠷᠯᠡᠭᠦᠯᠬᠦ᠂ ᠤᠷᠠᠨ ᠤᠩᠰᠢᠯᠭ᠎ᠠ ᠶᠢᠨ ᠤᠷᠠᠯᠢᠭ ᠢ ᠳᠡᠯᠭᠡᠷᠡᠭᠦᠯᠬᠦ᠂ ᠬᠡᠦᠬᠡᠳ ᠪᠠᠭᠠᠴᠤᠳ ᠤᠨ ᠠᠪᠢᠶᠠᠰ ᠢ ᠬᠥᠭᠵᠢᠭᠦᠯᠬᠦ᠂ ᠬᠡᠦᠬᠡᠳ ᠦᠳ ᠬᠠᠷᠢᠯᠴᠠᠨ ᠰᠤᠷᠤᠯᠴᠠᠬᠤ ᠭᠡᠳ ᠡᠨᠡ ᠲᠡᠮᠡᠴᠡᠭᠡᠨ ᠦ ᠵᠣᠷᠢᠯᠭ᠎ᠠ᠂ ᠠᠴᠢ ᠬᠣᠯᠪᠣᠭᠳᠠᠯ ᠶᠡᠬᠡ᠃ ᠡᠨᠡ ᠵᠢᠯ ᠦᠨ ᠲᠡᠮᠡᠴᠡᠭᠡᠨ ᠦ ᠭᠣᠣᠯ ᠣᠨᠴᠠᠯᠢᠭ ᠨᠢ ᠪᠢᠳᠡ ᠠᠩᠬ᠎ᠠ ᠲᠡᠮᠡᠴᠡᠭᠡᠨ ᠦ ᠤᠳᠤᠷᠢᠳᠤᠮᠵᠢ ᠶᠢᠨ ᠵᠢᠭᠠᠯᠲᠠ ᠪᠠᠨ ᠢᠯᠡᠭᠦᠦ ᠨᠠᠷᠢᠨ ᠪᠣᠯᠭᠠᠵᠤ᠂ ᠤᠯᠤᠰ ᠤᠨ ᠲᠡᠮᠡᠴᠡᠭᠡᠨ ᠦ ᠤᠳᠤᠷᠢᠳᠤᠮᠵᠢ ᠪᠠᠨ ᠪᠠᠷᠢᠬᠤ ᠶᠢ ᠵᠣᠷᠢᠵᠤ ᠪᠠᠶᠢᠭ᠎ᠠ᠃ ᠵᠢᠱᠢᠶᠡᠯᠡᠪᠡᠯ ᠤᠷᠢᠳᠤ ᠵᠢᠯ ᠦᠳ ᠲᠦ ᠨᠢᠭᠡ ᠬᠡᠦᠬᠡᠳ ᠦᠨ ᠰᠢᠯᠦᠭ ᠢᠶᠡᠨ ᠤᠩᠰᠢᠬᠤ ᠬᠤᠭᠤᠴᠠᠭ᠎ᠠ 5 ᠬᠦᠷᠲᠡᠯᠡᠬᠢ ᠮᠢᠨᠦ᠋ᠲ ᠪᠠᠶᠢᠭᠰᠠᠨ ᠪᠣᠯ ᠡᠭᠦᠨ ᠢ 1-3 ᠮᠢᠨᠦ᠋ᠲ ᠪᠣᠯᠭᠠᠵᠤ ᠪᠠᠭᠠᠰᠬᠠᠭᠰᠠᠨ᠃ ᠭᠤᠷᠪᠠᠨ ᠮᠢᠨᠦ᠋ᠲ ᠲᠤ ᠪᠠᠭᠲᠠᠭᠠᠵᠤ ᠲᠤᠬᠠᠢ ᠶᠢᠨ ᠰᠢᠯᠦᠭ᠂ ᠪᠦᠲᠦᠭᠡᠯ ᠢᠶᠡᠨ ᠰᠢᠭᠦᠭᠴᠢ᠂ ᠦᠵᠡᠭᠴᠢᠳ ᠲᠦ ᠬᠦᠷᠭᠡᠨ᠎ᠡ ᠭᠡᠳᠡᠭ ᠣᠷᠣᠯᠴᠠᠭᠴᠢᠳ ᠠᠴᠠ ᠪᠠᠭ᠎ᠠ ᠦᠭᠡᠢ ᠤᠷ᠎ᠠ ᠴᠢᠳᠠᠪᠤᠷᠢ ᠱᠠᠭᠠᠷᠳᠠᠨ᠎ᠠ᠃ ᠢᠩᠭᠢᠬᠦ ᠪᠡᠷ ᠡᠭᠦᠨ ᠢ ᠪᠡᠨ ᠳᠠᠭᠠᠭᠠᠳ  ᠪᠦᠲᠦᠭᠡᠯ  ᠦᠨ ᠴᠢᠨᠠᠷ ᠴᠤ ᠰᠠᠶᠢᠵᠢᠷᠠᠵᠤ᠂ ᠶᠠᠭ ᠤᠳᠤᠷᠢᠳᠤᠮᠵᠢ ᠶᠢᠨ ᠢᠶᠠᠨ ᠳᠠᠭᠠᠤ ᠪᠡᠯᠡᠳᠬᠡᠯ ᠢᠶᠡᠨ ᠬᠠᠩᠭᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ