︽ᠭ∙ᠨᠡᠷᠡᠭᠦᠢ ᠰᠠᠩ︾ ᠠᠴᠠ ᠠᠯᠪᠠᠨ ᠤ ᠨᠣᠬᠠᠢ ᠶᠢᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ᠂ ᠨᠣᠬᠠᠢ ᠶᠢᠨ ᠬᠥᠲᠥᠯᠦᠭᠴᠢᠳ ᠢ ᠬᠠᠷᠢᠯᠴᠠᠨ ᠲᠤᠷᠰᠢᠯᠭ᠎ᠠ ᠰᠤᠳᠤᠯᠤᠭᠤᠯᠬᠤ ᠵᠣᠷᠢᠯᠭ᠎ᠠ ᠪᠠᠷ ︽ᠰᠢᠯᠢᠳᠡᠭ ᠠᠯᠪᠠᠨ ᠤ ᠨᠣᠬᠠᠢ-2019 ︾ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠡᠨᠡ ᠰᠠᠷ᠎ᠠ ᠶᠢᠨ 25 ᠳᠦ ᠴᠠᠭᠳᠠᠭ᠎ᠠ ᠶᠢᠨ ᠶᠡᠷᠦᠩᠬᠡᠢ ᠭᠠᠵᠠᠷ ᠤᠨ ︽ᠴᠠᠭᠳᠠᠭ᠎ᠠ᠂ ᠴᠡᠷᠢᠭ ᠦᠨ ᠰᠤᠷᠭᠠᠯᠲᠠ ᠶᠢᠨ ᠨᠢᠭᠡᠳᠦᠭᠰᠡᠨ ᠲᠥᠪ︾ ᠲᠤ ᠵᠣᠬᠢᠶᠠᠨ ᠪᠠᠶᠢᠭᠤᠯᠬᠤ ᠭᠡᠵᠦ ᠪᠠᠶᠢᠨ᠎ᠠ᠃
ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠵᠡᠪᠰᠡᠭᠲᠦ ᠬᠦᠴᠦᠨ᠂ ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ᠂ ᠴᠠᠭᠳᠠᠭ᠎ᠠ ᠶᠢᠨ ᠶᠡᠷᠦᠩᠬᠡᠢ ᠭᠠᠵᠠᠷ᠂ ᠭᠠᠶᠢᠯᠢ ᠶᠢᠨ ᠶᠡᠷᠦᠩᠬᠡᠢ ᠭᠠᠵᠠᠷ᠂ ᠲᠥᠷᠥ ᠶᠢᠨ ᠲᠤᠰᠬᠠᠢ ᠬᠠᠮᠠᠭᠠᠯᠠᠯᠲᠠ ᠶᠢᠨ ᠭᠠᠵᠠᠷ᠂ ︽ᠮᠣᠩᠭᠣᠯ ᠣᠷᠣᠰ ᠤᠨ ᠲᠡᠮᠦᠷ ᠵᠠᠮ︾ ᠤᠨ ᠠᠯᠪᠠᠨ ᠤ ᠨᠣᠬᠠᠳ᠂ ᠨᠣᠬᠠᠢ ᠶᠢᠨ ᠬᠥᠲᠥᠯᠥᠭᠴᠢ ᠨᠠᠷ ᠤᠷᠤᠯᠴᠠᠬᠤ ᠶᠤᠮ᠃