︽ᠬᠠᠷ᠎ᠠ ᠰᠤᠪᠤᠳ ᠤᠨ ᠨᠢᠭᠤᠴᠠ ︾ ᠺᠢᠨᠤ᠋ ᠶᠢᠨ ᠬᠤᠶᠠᠳᠤᠭᠠᠷ ᠠᠩᠭᠢ ᠶᠢ ᠰᠡᠭᠦᠳᠡᠷᠯᠡᠨ᠎ᠡ  | News.MN

 ︽ᠬᠠᠷ᠎ᠠ ᠰᠤᠪᠤᠳ ᠤᠨ ᠨᠢᠭᠤᠴᠠ ︾ ᠺᠢᠨᠤ᠋ ᠶᠢᠨ ᠬᠤᠶᠠᠳᠤᠭᠠᠷ ᠠᠩᠭᠢ ᠶᠢ ᠰᠡᠭᠦᠳᠡᠷᠯᠡᠨ᠎ᠡ 

ᠮᠣᠩᠭᠣᠯ ᠤᠨ ᠲᠡᠦᠬᠡ ᠶᠢᠨ ᠦᠨᠡᠲᠦ ᠣᠯᠳᠠᠪᠤᠷᠢ ᠸᠢᠶᠧᠲ᠋ᠨᠠᠮ ᠠᠴᠠ ᠣᠯᠳᠠᠵᠤ᠂ ᠲᠡᠭᠦᠨ ᠢ ᠡᠬᠡ ᠣᠷᠣᠨ ᠳᠤ ᠪᠠᠨ ᠠᠪᠴᠢᠷᠠᠬᠤ ᠨᠢᠭᠤᠴᠠ ᠵᠠᠬᠢᠶᠠᠯᠠᠭ᠎ᠠ ᠠᠪᠤᠭᠰᠠᠨ ᠳᠥᠷᠪᠡᠨ ᠬᠤᠯᠠᠭᠠᠶᠢᠴᠢ ᠸᠢᠶᠧᠲ᠋ᠨᠠᠮ ᠤᠯᠤᠰ ᠢ ᠵᠣᠷᠢᠨ᠎ᠠ ᠃ ᠦᠵᠡᠰᠬᠦᠯᠡᠩᠲᠦ ᠦᠨᠡᠭᠡ  ᠴᠤᠮᠤᠤ ᠂ ᠪᠦᠲᠦᠯ ᠦᠭᠡᠢ ᠮᠤᠬᠤᠷ ᠭᠠᠩᠪᠠ᠂ ᠳᠦᠯᠡᠢ ᠴᠢᠩᠪᠠ᠂ ᠭᠧᠨᠧᠷᠠᠯ ᠪᠠᠲᠤ ᠨᠠᠷ ᠤᠨ ᠬᠠᠷ᠎ᠠ ᠰᠤᠪᠤᠳ ᠤᠨ ᠲᠥᠯᠦᠭᠡᠬᠢ ᠡᠴᠦᠰ ᠲᠡᠭᠦᠰᠬᠡᠯ ᠦᠭᠡᠢ ᠥᠷᠢᠰᠦᠯᠳᠦᠭᠡᠨ ᠠᠯᠤᠰ ᠬᠣᠯᠠ ᠶᠢᠨ ᠸᠢᠶᠧᠲ᠋ᠨᠠᠮ ᠳᠤ ᠥᠷᠨᠢᠨ᠎ᠡ᠃
ᠡᠨᠡ ᠪᠣᠯ ︽ᠬᠠᠷ᠎ᠠ ᠰᠤᠪᠤᠳ ᠤᠨ ᠨᠢᠭᠤᠴᠠ︾ ᠠᠳᠠᠯ  ᠶᠠᠪᠤᠳᠠᠯᠲᠤ ᠢᠨᠢᠶᠡᠳᠦᠮ ᠦᠨ ᠺᠢᠨᠣ᠋᠃ ᠣᠳᠣ ᠠᠴᠠ ᠳᠥᠷᠪᠡᠨ ᠵᠢᠯ ᠦᠨ ᠡᠮᠦᠨ᠎ᠡ ᠨᠡᠭᠡᠭᠡᠯᠲᠡ ᠪᠡᠨ ᠬᠢᠵᠦ ᠪᠠᠶᠢᠭᠰᠠᠨ ᠡᠨᠡ ᠺᠢᠨᠣᠨ ᠤ ᠬᠣᠶᠠᠳᠤᠭᠠᠷ ᠠᠩᠭᠢ ᠶᠢ ᠡᠨᠡ ᠣᠨ ᠳᠤ ᠦᠷᠭᠦᠯᠵᠢᠯᠡᠭᠦᠯᠦᠨ ᠬᠢᠬᠦ ᠠᠵᠡᠢ᠃ ᠤᠭ ᠺᠢᠨᠣᠨ ᠤ ᠨᠠᠶᠢᠷᠠᠭᠤᠯᠤᠭᠴᠢ ᠪᠠᠷ ᠪ∙ᠲᠠᠮᠢᠷ ᠠᠵᠢᠯᠯᠠᠭᠰᠠᠨ ᠪᠣᠯ ᠭᠣᠣᠯ ᠳᠦᠷᠢ ᠳᠦ ᠵᠦᠴᠦᠭᠡᠴᠢᠨ ᠳ∙ᠳᠡᠯᠭᠡᠷᠰᠠᠶᠢᠬᠠᠨ᠂ ᠭ∙ᠠᠯᠲᠠᠨᠱᠠᠭ᠎ᠠ᠂ ᠮ∙ᠪᠠᠶᠠᠷᠪᠠᠲᠤ᠂ ᠵᠠᠭᠪᠤᠷ ᠡᠮᠦᠰᠦᠭᠴᠢ ᠮ∙ᠨᠠᠮᠤᠭᠤᠨᠴᠡᠴᠡᠭ ᠨᠠᠷ ᠲᠣᠭᠯᠠᠭᠰᠠᠨ᠃  ᠺᠢᠨᠣᠨ ᠤ ᠬᠣᠶᠠᠳᠤᠭᠠᠷ ᠠᠩᠭᠢ ᠳᠤ ᠭᠣᠣᠯ ᠳᠦᠷᠢ ᠨᠦᠭᠦᠳ ᠥᠭᠡᠷᠡᠴᠢᠯᠡᠭᠳᠡᠭᠡ ᠦᠭᠡᠢ ᠪᠥᠭᠡᠳ ᠵᠢᠷᠤᠭ ᠠᠪᠤᠯᠲᠠ ᠶᠢ ᠢᠷᠡᠬᠦ ᠠᠷᠪᠠᠨ ᠨᠢᠭᠡᠳᠦᠭᠡᠷ ᠰᠠᠷ᠎ᠠ ᠳᠤ ᠬᠢᠯᠢ ᠶᠢᠨ ᠴᠢᠨᠠᠳᠤ ᠳᠤ ᠬᠢᠨ᠎ᠡ ᠭᠡᠳᠡᠭ ᠢ ᠺᠢᠨᠣᠨ ᠤ ᠭᠣᠣᠯ ᠳᠦᠷᠢ ᠶᠢᠨ ᠨᠢᠭᠡ ᠪᠣᠯᠬᠤ  ᠵᠦᠴᠦᠭᠡᠴᠢᠨ ᠭ∙ᠠᠯᠲᠠᠨᠱᠠᠭ᠎ᠠ ᠬᠡᠯᠡᠭᠰᠡᠨ ᠶᠤᠮ᠃

ᠰᠡᠳᠬᠢᠭᠳᠡᠯ ᠦᠯᠡᠳᠡᠭᠡᠬᠦ