ᠠᠯᠪᠠᠨ ᠬᠠᠭᠠᠭᠴᠢᠳ ᠤᠨ ᠤᠷᠠᠯᠢᠭ ᠤᠨ ᠨᠠᠭᠠᠳᠤᠮ  ᠪᠣᠯᠤᠨ᠎ᠠ  | News.MN

ᠠᠯᠪᠠᠨ ᠬᠠᠭᠠᠭᠴᠢᠳ ᠤᠨ ᠤᠷᠠᠯᠢᠭ ᠤᠨ ᠨᠠᠭᠠᠳᠤᠮ  ᠪᠣᠯᠤᠨ᠎ᠠ 

ᠲᠥᠷᠥ ᠶᠢᠨ ᠠᠯᠪᠠᠨ ᠬᠠᠭᠠᠭᠴᠢᠳ ᠤᠨ ᠠᠪᠢᠶᠠᠰ ᠪᠢᠯᠢᠭ ᠢ ᠲᠣᠳᠣᠷᠠᠭᠤᠯᠬᠤ᠂ ᠬᠠᠮᠲᠤ ᠣᠯᠠᠨ ᠢ ᠤᠷᠠᠯᠢᠭ ᠢᠶᠠᠷ ᠨᠢᠭᠡᠳᠬᠡᠬᠦ ᠵᠣᠷᠢᠯᠭ᠎ᠠ ᠲᠠᠢ ᠰᠤᠶᠤᠯ ᠤᠨ ᠦᠢᠯᠡ ᠠᠵᠢᠯᠯᠠᠭ᠎ᠠ ᠶᠢ ᠠᠶᠢᠮᠠᠭ ᠤᠨ ᠬᠡᠮᠵᠢᠶᠡᠨ ᠳᠦ ᠵᠣᠬᠢᠶᠠᠨ ᠪᠠᠶᠢᠭᠤᠯᠳᠠᠭ ᠤᠯᠠᠮᠵᠢᠯᠠᠯ ᠲᠠᠢ᠃ ᠡᠨᠡ ᠤᠳᠠᠭ᠎ᠠ ᠶᠢᠨ ᠤᠷᠠᠯᠢᠭ ᠤᠨ ᠨᠠᠭᠠᠳᠤᠮ ᠤᠨ ᠬᠤᠶᠠᠳᠤᠭᠠᠷ ᠱᠠᠲᠤᠨ ᠤ ᠰᠢᠯᠭᠠᠷᠠᠭᠤᠯᠤᠯᠲᠠ ᠶᠢ ᠡᠨᠡ ᠰᠠᠷ᠎ᠠ ᠶᠢᠨ 25-31 ᠳᠦ ᠪᠥᠰᠡᠴᠢᠯᠡᠨ ᠶᠠᠪᠤᠭᠤᠯᠬᠤ ᠪᠠᠷ ᠪᠣᠯᠤᠭᠰᠠᠨ ᠪᠠᠶᠢᠨ᠎ᠠ᠃ ᠲᠥᠷᠥ ᠶᠢᠨ ᠠᠯᠪᠠᠨ ᠬᠠᠭᠠᠭᠴᠢᠳ ᠤᠨ ᠬᠤᠪᠢ ᠳᠤ ᠤᠷᠠᠯᠢᠭ ᠤᠷᠠᠨ ᠰᠠᠶᠢᠬᠠᠨ ᠢᠶᠠᠷ ᠠᠪᠢᠶᠠᠰ ᠪᠢᠯᠢᠭ ᠢᠶᠡᠨ ᠨᠡᠭᠡᠭᠡᠬᠦ᠂ ᠬᠥᠭᠵᠢᠭᠦᠯᠬᠦ ᠲᠣᠮᠣᠬᠠᠨ ᠦᠢᠯᠡ ᠠᠵᠢᠯᠯᠠᠭᠠᠨ ᠤ ᠨᠢᠭᠡ ᠡᠨᠡ ᠶᠤᠮ᠃ ᠤᠷᠠᠯᠢᠭ ᠤᠨ ᠨᠠᠭᠠᠳᠤᠮ ᠤᠨ ᠬᠤᠶᠠᠳᠤᠭᠠᠷ ᠱᠠᠲᠤᠨ ᠤ ᠰᠢᠯᠭᠠᠷᠠᠭᠤᠯᠤᠯᠲᠠ ᠶᠢ ᠡᠷᠳᠡᠨᠢ ᠰᠤᠮᠤ ᠠᠴᠠ 10 ᠳ᠋ᠤᠭᠠᠷ ᠰᠠᠷ᠎ᠠ ᠶᠢᠨ 25 ᠤ ᠡᠳᠦᠷ ᠡᠬᠢᠯᠡᠭᠦᠯᠬᠦ ᠪᠡᠷ ᠪᠣᠯᠵᠠᠢ᠃ ᠡᠨᠡ ᠡᠳᠦᠷ ᠪᠠᠶᠠᠨ᠂ ᠪᠠᠶᠠᠨᠵᠢᠷᠭᠠᠯᠠᠩ᠂ ᠡᠷᠳᠡᠨᠢ᠂ ᠮᠦᠩᠭᠦᠨᠮᠤᠷᠢᠲᠤ᠂ ᠠᠷᠤ ᠬᠤᠰᠤᠲᠤ᠂  ᠪᠠᠶᠠᠨᠳᠡᠯᠭᠡᠷ ᠰᠤᠮᠤ ᠶᠢᠨ ᠰᠢᠯᠭᠠᠷᠠᠭᠤᠯᠤᠯᠲᠠ ᠡᠷᠳᠡᠨᠢ ᠰᠤᠮᠤᠨ ᠳᠤ ᠪᠣᠯᠬᠤ ᠪᠣᠯ ᠠᠯᠲᠠᠨᠪᠤᠯᠠᠭ᠂ ᠠᠷᠭᠠᠯᠠᠩᠲᠤ᠂ ᠪᠠᠶᠠᠨᠴᠠᠭᠠᠨ᠂ ᠪᠠᠶᠠᠨ-ᠥᠨᠵᠢᠭᠦᠯ᠂ ᠰᠡᠷᠭᠦᠯᠡᠩ ᠰᠤᠮᠤᠳ ᠤᠨ ᠤᠷᠠᠯᠢᠭ ᠤᠨ ᠰᠢᠯᠭᠠᠷᠠᠭᠤᠯᠤᠯᠲᠠ 10 ᠳ᠋ᠤᠭᠠᠷ ᠰᠠᠷ᠎ᠠ ᠶᠢᠨ 28  ᠳᠦ ᠵᠠᠭᠤᠨ ᠮᠤᠳᠤ ᠰᠤᠮᠤᠨ ᠳᠤ ᠪᠣᠯᠬᠤ ᠠᠵᠠᠢ᠃
ᠬᠠᠷᠢᠨ ᠪᠠᠲᠤᠰᠦ᠋ᠮᠪᠤᠷ ᠂ ᠪᠠᠶᠠᠨᠴᠣᠭᠲᠤ᠂ ᠪᠠᠶᠠᠨᠴᠢᠨᠳᠠᠮᠤᠨᠢ᠂ ᠰᠦᠮᠪᠦᠷ᠂ ᠪᠣᠷᠣᠨᠠᠭᠤᠷ ᠤᠨ ᠰᠢᠯᠭᠠᠷᠠᠭᠤᠯᠤᠯᠲᠠ ᠵᠢᠷᠭᠠᠯᠠᠩᠲᠤ ᠰᠤᠮᠤᠨ ᠳᠤ 10 ᠳ᠋ᠤᠭᠠᠷ ᠰᠠᠷ᠎ᠠ ᠶᠢᠨ 30 ᠍ ᠳᠦ ᠪᠤᠯᠬᠤ ᠪᠠᠷ ᠲᠣᠪᠯᠠᠭᠳᠠᠵᠠᠢ᠃ 10 ᠳ᠋ᠤᠭᠠᠷ ᠰᠠᠷ᠎ᠠ ᠶᠢᠨ 31  ᠳᠦ ᠥᠨᠳᠥᠷ ᠰᠢᠷᠡᠭᠡᠲᠦ ᠰᠤᠮᠤᠨ ᠳᠤ ᠳᠡᠯᠭᠡᠷᠬᠠᠨ᠂ ᠪᠦᠷᠢᠨ᠂ ᠡᠷᠳᠡᠨᠢᠰᠠᠩᠲᠤ᠂ ᠤᠭᠲᠤᠭᠠᠯ ᠴᠠᠶᠢᠳᠠᠮ᠂ ᠵᠠᠮᠠᠷ᠂ ᠴᠡᠭᠡᠯ᠂ ᠪᠠᠶᠠᠨᠬᠠᠩᠭᠠᠢ᠂ ᠯᠦᠩ ᠰᠤᠮᠤ ᠶᠢᠨ ᠤᠷᠠᠯᠢᠭ ᠤᠨ ᠨᠠᠭᠠᠳᠤᠮ ᠤᠨ ᠰᠢᠯᠭᠠᠷᠠᠭᠤᠯᠤᠯᠲᠠ ᠶᠢ ᠵᠣᠬᠢᠶᠠᠨ ᠪᠠᠶᠢᠭᠤᠯᠬᠤ ᠪᠠᠷ ᠲᠥᠯᠥᠪᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ