ᠪ∙ᠮᠦᠩᠭᠦᠨᠲᠤᠤᠯᠠ ᠭᠤᠷᠪᠠᠳᠤᠭᠠᠷ ᠪᠠᠶᠢᠷᠢ ᠡᠵᠡᠯᠡᠯ᠎ᠡ  | News.MN

ᠪ∙ᠮᠦᠩᠭᠦᠨᠲᠤᠤᠯᠠ ᠭᠤᠷᠪᠠᠳᠤᠭᠠᠷ ᠪᠠᠶᠢᠷᠢ ᠡᠵᠡᠯᠡᠯ᠎ᠡ 

ᠶᠡᠬᠡ  ᠪᠷᠢᠲ᠋ᠠᠨ ᠳᠤ ᠪᠤᠯᠤᠭᠰᠠᠨ FIDE Chess.com Grand Swiss 2019 ᠰᠢᠲᠠᠷ᠎ᠠ ᠶᠢᠨ ᠲᠡᠮᠡᠴᠡᠭᠡᠨ ᠳᠦ ᠣᠶᠤᠨ ᠢᠶᠠᠨ ᠤᠷᠤᠯᠳᠤᠭᠤᠯᠤᠭᠰᠠᠨ ᠶᠡᠬᠡ ᠮᠠᠰᠲ᠋ᠸᠷ ᠪ∙ᠮᠦᠩᠭᠦᠨᠲᠤᠤᠯᠠ ᠡᠮᠡᠭᠲᠡᠢ ᠰᠢᠲᠠᠷᠠᠴᠢᠳ ᠠᠴᠠ ᠭᠤᠷᠪᠠᠳᠤᠭᠠᠷ ᠪᠠᠶᠢᠷᠢ ᠡᠵᠡᠯᠡᠵᠡᠢ᠃ 133 ᠣᠯᠠᠨ ᠤᠯᠤᠰ ᠤᠨ ᠶᠡᠬᠡ ᠮᠠᠰᠲ᠋ᠸᠷ ᠣᠷᠣᠯᠴᠠᠭᠰᠠᠨ ᠰᠸᠢᠰ ᠰᠢᠰᠲ᠋ᠧᠮ ᠦᠨ ᠬᠠᠮᠤᠭ ᠤᠨ ᠬᠦᠴᠦᠲᠡᠢ FIDE Chess.com Grand Swiss 2019 ᠲᠡᠮᠡᠴᠡᠭᠡᠨ 12 ᠬᠣᠨᠣᠭ ᠤᠨ ᠲᠤᠷᠰᠢ ᠦᠷᠭᠦᠯᠵᠢᠯᠡᠭᠰᠡᠨ ᠪᠠᠶᠢᠨ᠎ᠠ᠃
ᠶᠡᠬᠡ ᠮᠠᠰᠲ᠋ᠸᠷ ᠪ∙ᠮᠦᠩᠭᠦᠨᠲᠤᠤᠯᠠ ᠨᠡᠶᠢᠲᠡ 11 ᠥᠷᠥᠭ ᠲᠣᠭᠯᠠᠭᠰᠠᠨ ᠠᠴᠠ 2 ᠬᠣᠵᠢᠵᠤ᠂ 6 ᠲᠡᠩᠴᠡᠵᠦ᠂ 3 ᠬᠣᠵᠢᠭᠳᠠᠵᠤ᠂ 5 ᠣᠨᠣᠭ᠎ᠠ ᠠᠪᠴᠤ᠂ ᠣᠯᠠᠨ ᠤᠯᠤᠰ ᠤᠨ ᠴᠢᠨᠰᠠᠭ᠎ᠠ ᠪᠠᠨ 23 ᠍ ᠪᠠᠷ ᠠᠬᠢᠭᠤᠯᠵᠠᠢ᠃

ᠰᠡᠳᠬᠢᠭᠳᠡᠯ ᠦᠯᠡᠳᠡᠭᠡᠬᠦ