ᠮᠣᠩᠭᠣᠯ ᠪᠠᠩᠬᠢ ᠮᠡᠳᠡᠭᠳᠡᠯ ᠭᠠᠷᠭᠠᠵᠠᠢ | News.MN

ᠮᠣᠩᠭᠣᠯ ᠪᠠᠩᠬᠢ ᠮᠡᠳᠡᠭᠳᠡᠯ ᠭᠠᠷᠭᠠᠵᠠᠢ

ᠮᠣᠩᠭᠣᠯ ᠤᠯᠤᠰ ︽ᠰᠠᠷᠠᠯ ᠵᠢᠭᠰᠠᠭᠠᠯᠲᠠ︾ ᠳᠦ ᠣᠷᠣᠭᠰᠠᠨ ᠲᠠᠢ ᠬᠣᠯᠪᠣᠭᠳᠠᠭᠤᠯᠤᠨ ᠮᠣᠩᠭᠣᠯ  ᠪᠠᠩᠭᠢᠨ ᠠᠴᠠ ᠮᠡᠳᠡᠭᠳᠡᠯ ᠭᠠᠷᠭᠠᠵᠠᠢ᠃ ᠤᠭ ᠮᠡᠳᠡᠭᠳᠡᠯ ᠢ ᠪᠦᠷᠢᠨ ᠡᠬᠢ ᠪᠡᠷ ᠨᠢ ᠬᠦᠷᠭᠡᠵᠦ ᠪᠠᠶᠢᠨ᠎ᠠ᠃
︽ᠮᠥᠩᠭᠥ ᠤᠭᠢᠶᠠᠬᠤ ᠲᠠᠢ ᠲᠡᠮᠡᠴᠡᠬᠦ ᠰᠠᠩᠬᠦᠦ ᠶᠢᠨ ᠠᠷᠭ᠎ᠠ ᠬᠡᠮᠵᠢᠶ᠎ᠡ ᠠᠪᠬᠤ ᠪᠠᠶᠢᠭᠤᠯᠤᠯᠭ᠎ᠠ  ︵Financial Action Task Force︶ ᠠᠴᠠ 2019 ᠣᠨ ᠤ 10 ᠳ᠋ᠤᠭᠠᠷ ᠰᠠᠷ᠎ᠠ ᠶᠢᠨ 18 ᠤ ᠡᠳᠦᠷ ᠣᠯᠠᠨ ᠤᠯᠤᠰ ᠤᠨ ᠮᠥᠩᠭᠥ ᠤᠬᠢᠶᠠᠬᠤ᠂ ᠲᠧᠷᠷᠣᠷᠢᠰᠮ ᠢ ᠰᠠᠩᠬᠦᠦᠵᠢᠭᠦᠯᠬᠦ ᠲᠡᠢ ᠲᠡᠮᠡᠴᠡᠬᠦ ᠦᠢᠯᠡ ᠠᠵᠢᠯᠯᠠᠭᠠᠨ ᠤ ᠬᠡᠷᠡᠭᠵᠢᠯᠲᠡ ᠶᠢ ᠰᠠᠶᠢᠵᠢᠷᠠᠭᠤᠯᠬᠤ ᠶᠠᠪᠤᠴᠠ ᠶᠢᠨ ᠲᠠᠯ᠎ᠠ ᠪᠠᠷ ᠮᠡᠳᠡᠭᠳᠡᠯ ᠭᠠᠷᠭᠠᠯ᠎ᠠ᠃ ᠡᠨᠡᠬᠦ ᠮᠡᠳᠡᠭᠳᠡᠯ ᠳᠦ 2017 ᠣᠨ ᠤ ᠬᠠᠷᠢᠯᠴᠠᠨ ᠦᠨᠡᠯᠡᠭᠡᠨ ᠦ ᠲᠠᠶᠢᠯᠤᠨ ᠪᠠᠲᠤᠯᠠᠭᠳᠠᠵᠤ᠂ ᠬᠢᠨᠠᠯᠲᠠ ᠳᠤ ᠣᠷᠣᠭᠤᠯᠤᠭᠰᠠᠨ ᠠᠴᠠ ᠬᠣᠶᠢᠰᠢ ᠮᠣᠩᠭᠣᠯ ᠤᠯᠤᠰ ᠬᠤᠯᠪᠤᠭᠳᠠᠬᠤ ᠬᠠᠤᠯᠢ ᠲᠣᠭᠲᠠᠭᠠᠮᠵᠢ ᠂ ᠵᠢᠷᠤᠮ ᠢ ᠰᠢᠨᠡᠴᠢᠯᠡᠵᠦ ᠨᠡᠪᠲᠡᠷᠡᠭᠦᠯᠦᠭᠰᠡᠨ ᠢᠶᠡᠷ ᠣᠯᠠᠨ ᠠᠬᠢᠴᠠ ᠳᠡᠪᠰᠢᠯ ᠭᠠᠷᠤᠭᠰᠠᠨ ᠢ ᠣᠨᠴᠠᠯᠠᠵᠠᠢ᠃ ᠮᠥᠩᠭᠥ ᠤᠬᠢᠶᠠᠬᠤ᠂ ᠲᠧᠷᠷᠣᠷᠢᠰᠮ ᠢ ᠰᠠᠩᠬᠦᠦᠵᠢᠭᠦᠯᠬᠦ ᠲᠡᠢ ᠲᠡᠮᠡᠴᠡᠬᠦ ᠲᠣᠭᠲᠠᠯᠴᠠᠭᠠᠨ ᠤ ᠦᠷ᠎ᠡ ᠳ᠋ᠦᠩ ᠲᠡᠢ ᠪᠠᠶᠢᠳᠠᠯ ᠢᠶᠠᠨ ᠨᠡᠮᠡᠭᠳᠡᠭᠦᠯᠬᠦ᠂ ᠳᠤᠲᠠᠭᠳᠠᠯ ᠢᠶᠠᠨ ᠵᠠᠰᠠᠵᠤ ᠰᠠᠶᠢᠵᠢᠷᠠᠭᠤᠯᠬᠤ ᠴᠢᠭᠯᠡᠯ ᠢᠶᠡᠷ ᠮᠣᠩᠭᠣᠯ ᠤᠯᠤᠰ ᠤᠯᠠᠨ ᠤᠯᠤᠰ ᠤᠨ ᠪᠠᠶᠢᠭᠤᠯᠤᠯᠭ᠎ᠠ ᠲᠠᠢ ᠬᠠᠮᠲᠤᠷᠠᠨ ᠠᠵᠢᠯᠯᠠᠬᠤ ᠦᠢᠯᠡ ᠠᠵᠢᠯᠯᠠᠭᠠᠨ ᠤ ᠲᠥᠯᠥᠪᠯᠡᠭᠡ ᠪᠣᠯᠪᠠᠰᠤᠷᠠᠭᠤᠯᠵᠤ ᠬᠡᠷᠡᠭᠵᠢᠭᠦᠯᠬᠦ ᠤᠯᠤᠰ ᠲᠥᠷᠥ ᠶᠢᠨ ᠳᠡᠭᠡᠳᠦ ᠲᠦᠪᠰᠢᠨ ᠦ ᠬᠦᠰᠡᠯ ᠵᠣᠷᠢᠭ ᠢᠶᠠᠨ ᠢᠯᠡᠷᠬᠡᠶᠢᠯᠡᠭᠰᠡᠨ ᠢ ᠲᠡᠮᠳᠡᠭᠯᠡᠭᠰᠡᠨ ᠪᠠᠶᠢᠨ᠎ᠠ᠃ FATF ᠭᠡᠰᠢᠭᠦᠳ ᠲᠤ ᠪᠠᠨ ᠬᠢᠨᠠᠯᠲᠠ ᠳᠤ ᠣᠷᠣᠭᠤᠯᠤᠭᠰᠠᠨ ᠤᠯᠤᠰ ᠣᠷᠣᠨ ᠨᠤᠭᠤᠳ ᠤᠨ ᠡᠰᠡᠷᠭᠦ ᠠᠯᠢᠪᠠ ᠬᠣᠷᠢᠭ ᠠᠷᠭ᠎ᠠ ᠬᠡᠮᠵᠢᠶ᠎ᠡ ᠠᠪᠬᠤ ᠶᠢ ᠱᠠᠭᠠᠷᠳᠠᠭ᠎ᠠ ᠦᠭᠡᠢ ᠨᠢ ᠭᠠᠳᠠᠭᠠᠳᠤ ᠲᠥᠯᠥᠪᠦᠷᠢ ᠲᠣᠭᠠᠴᠠᠭ᠎ᠠ  ᠰᠠᠭᠠᠲᠠᠬᠤ᠂ ᠲᠥᠯᠥᠪᠦᠷᠢ ᠶᠢᠨ ᠺᠠᠷᠲ ᠬᠦᠴᠦᠨ ᠦᠭᠡᠢ ᠪᠣᠯᠬᠤ᠂ ᠭᠠᠳᠠᠭᠠᠳᠤ ᠸᠠᠯᠢᠶᠤᠲ ᠤᠨ ᠤᠷᠤᠰᠬᠠᠯ ᠪᠠᠭᠠᠰᠬᠤ ᠵᠡᠷᠭᠡ ᠰᠢᠭᠤᠳ ᠰᠥᠷᠭᠦ ᠨᠥᠯᠥᠭᠡᠯᠡᠯ ᠡᠭᠦᠰᠬᠡᠬᠦ ᠦᠭᠡᠢ ᠪᠣᠯᠬᠤ ᠶᠢ ᠬᠠᠷᠠᠭᠤᠯᠵᠤ ᠪᠠᠶᠢᠨ᠎ᠠ᠃
ᠮᠣᠩᠭᠣᠯ ᠤᠯᠤᠰ ᠤᠨ ᠡᠳ᠋ ᠦᠨ ᠵᠠᠰᠠᠭ ᠲᠥᠯᠥᠪᠯᠡᠭᠰᠡᠨ ᠬᠡᠮᠵᠢᠶᠡᠨ ᠳᠦ ᠪᠡᠨ ᠦᠰᠴᠦ᠂ ᠲᠥᠰᠥᠪ ᠠᠯᠳᠠᠭᠳᠠᠯ ᠦᠭᠡᠢ᠂ ᠬᠤᠳᠠᠯᠳᠤᠭᠠᠨ ᠤ ᠪᠣᠯᠤᠨ ᠲᠥᠯᠥᠪᠦᠷᠢ ᠶᠢᠨ ᠲᠡᠩᠴᠡᠯ ᠠᠰᠢᠭᠲᠠᠢ ᠭᠠᠷᠴᠤ ᠭᠠᠳᠠᠭᠠᠳᠤ  ᠸᠠᠯᠢᠶᠤᠲ ᠤᠨ ᠨᠥᠭᠡᠴᠡ ᠦᠰᠴᠦ᠂ ᠡᠳ᠋ ᠦᠨ ᠵᠠᠰᠠᠭ ᠤᠨ ᠡᠷᠡᠰᠳᠡᠯ ᠳᠠᠭᠠᠭᠠᠬᠤ ᠴᠢᠳᠠᠪᠤᠷᠢ ᠰᠡᠭᠦᠯ ᠦᠨ 3 ᠵᠢᠯ ᠳᠦ ᠦᠯᠡᠮᠵᠢ ᠰᠠᠶᠢᠵᠢᠷᠠᠭᠠᠳ ᠪᠠᠶᠢᠨ᠎ᠠ᠃ ᠮᠣᠩᠭᠣᠯ ᠪᠠᠩᠭᠢᠨ ᠤ ᠵᠦᠭ ᠡᠴᠡ FATF ᠤᠨ ᠬᠢᠨᠠᠯᠲᠠ ᠨᠢ ᠲᠥᠯᠥᠪᠦᠷᠢ ᠲᠣᠭᠠᠴᠠᠭ᠎ᠠ ᠶᠢ ᠵᠤᠭᠰᠤᠭᠠᠬᠤ᠂ ᠰᠠᠩᠬᠦᠦ ᠶᠢᠨ ᠬᠡᠪ ᠦᠨ ᠵᠠᠭᠤᠴᠢᠯᠠᠯ ᠢ ᠲᠠᠰᠤᠯᠳᠠᠭᠤᠯᠬᠤ᠂ ᠡᠳ᠋ ᠦᠨ ᠵᠠᠰᠠᠭ ᠤᠨ ᠥᠰᠦᠯᠲᠡ᠂ ᠲᠥᠭᠥᠷᠢᠭ ᠦᠨ ᠲᠣᠭᠲᠠᠪᠤᠷᠢᠲᠠᠢ ᠪᠠᠶᠢᠳᠠᠯ ᠢ ᠠᠯᠳᠠᠭᠳᠠᠭᠤᠯᠬᠤ ᠨᠥᠬᠥᠴᠡᠯ ᠢ ᠡᠭᠦᠰᠬᠡᠬᠦ ᠦᠭᠡᠢ᠂ ᠡᠭᠦᠰᠴᠦ ᠪᠣᠯᠬᠤ ᠨᠥᠯᠥᠭᠡᠯᠡᠯ ᠢ ᠡᠳ᠋ ᠍ ᠦᠨ ᠵᠠᠰᠠᠭ ᠤᠨ ᠥᠨᠥ ᠶᠢᠨ ᠬᠦᠴᠦᠨ ᠴᠢᠳᠠᠯ ᠢᠶᠠᠷ ᠰᠢᠢᠳᠪᠦᠷᠢᠯᠡᠬᠦ ᠪᠦᠷᠢᠨ ᠪᠣᠯᠤᠯᠴᠠᠭ᠎ᠠ ᠲᠠᠢ ᠶᠢ ᠮᠡᠳᠡᠭᠳᠡᠵᠦ ᠪᠠᠶᠢᠨ᠎ᠠ᠃ ᠡᠶᠢᠮᠦ ᠳᠦ ᠬᠠᠩᠰᠢ ᠶᠢᠨ ᠪᠣᠭᠣᠨᠢ ᠬᠤᠭᠤᠴᠠᠭᠠᠨ ᠤ ᠵᠣᠬᠢᠶᠠᠮᠠᠯ ᠰᠠᠪᠠᠯᠠᠯᠭ᠎ᠠ ᠡᠭᠦᠰᠬᠡᠵᠦ᠂ ᠵᠠᠬ᠎ᠠ ᠵᠡᠭᠡᠯᠢ ᠶᠢ ᠲᠥᠭᠡᠷᠢᠭᠳᠡᠯ ᠳᠦ ᠤᠷᠤᠭᠤᠯᠬᠤ ᠣᠷᠣᠯᠳᠤᠯᠭ᠎ᠠ ᠭᠠᠷᠭᠠᠬᠤ ᠦᠭᠡᠢ ᠪᠠᠶᠢᠬᠤ ᠶᠢ ᠠᠩᠬᠠᠷᠤᠭᠤᠯᠵᠤ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ