ᠲ∙ᠨᠤᠮᠢᠡᠡᠷᠳᠡᠨᠢ ᠠᠽᠢᠶ᠎ᠠ ᠶᠢᠨ ᠠᠪᠤᠷᠭᠤ ᠪᠣᠯᠤᠯ᠎ᠠ  | News.MN

ᠲ∙ᠨᠤᠮᠢᠡᠡᠷᠳᠡᠨᠢ ᠠᠽᠢᠶ᠎ᠠ ᠶᠢᠨ ᠠᠪᠤᠷᠭᠤ ᠪᠣᠯᠤᠯ᠎ᠠ 

ᠡᠨᠡ ᠰᠠᠷ᠎ᠠ ᠶᠢᠨ 10-17 ᠳᠦ ᠠᠷᠠᠪ ᠤᠨ ᠨᠢᠭᠡᠳᠦᠭᠰᠡᠨ ᠡᠮᠢᠷᠠᠲ ᠤᠯᠤᠰ ᠲᠤ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠥᠰᠪᠦᠷᠢ ᠶᠢᠨ ᠪᠣᠺᠰ ᠤᠨ ᠲᠡᠮᠡᠴᠡᠭᠡᠨ ᠪᠣᠯᠵᠤ ᠥᠩᠭᠡᠷᠡᠯ᠎ᠡ᠃ ᠮᠠᠨ ᠤ ᠪᠠᠭ ᠲᠠᠮᠢᠷᠴᠢᠳ ᠨᠢᠭᠡ ᠠᠯᠲᠠ᠂ ᠬᠣᠶᠠᠷ ᠬᠦᠷᠡᠯ ᠮᠧᠳᠠᠯ ᠬᠦᠷᠲᠡᠭᠰᠡᠨ ᠠᠮᠵᠢᠯᠲᠠ ᠲᠠᠢ ᠲᠡᠮᠡᠴᠡᠭᠡᠨ ᠢᠶᠡᠨ ᠥᠨᠳᠦᠷᠯᠡᠭᠦᠯᠦᠯ᠎ᠡ᠃ ᠦᠬᠢᠳ ᠤᠨ 48 ᠺᠢᠯᠦᠭᠷᠡᠮ ᠤᠨ ᠵᠢᠩ ᠳᠦ ᠳ∙ᠨᠤᠮᠢᠡᠡᠷᠳᠡᠨᠢ ᠬᠦᠷᠡᠯ᠂ ᠬᠥᠪᠡᠭᠦᠳ ᠦᠨ 63 ᠺᠢᠯᠦᠭᠷᠡᠮ ᠤᠨ ᠵᠢᠩ ᠳᠦ ᠴ∙ᠡᠯᠪᠡᠭ ᠮᠥᠨ ᠬᠦᠷᠡᠯ ᠮᠧᠳᠠᠯ ᠠᠪᠤᠭᠰᠠᠨ ᠪᠠᠶᠢᠨ᠎ᠠ᠃
ᠬᠠᠷᠢᠨ ᠦᠬᠢᠳ ᠤᠨ 57 ᠺᠢᠯᠦᠭᠷᠡᠮ ᠤᠨ ᠵᠢᠩ ᠳᠦ ᠲ∙ᠨᠤᠮᠢᠡᠡᠷᠳᠡᠨᠢ ᠲᠦᠷᠦᠭᠦᠯᠡᠵᠦ᠂ ᠠᠽᠢᠶ᠎ᠠ ᠶᠢᠨ ᠲᠢᠪ ᠦᠨ ᠥᠰᠪᠦᠷᠢ ᠶᠢᠨ ᠠᠪᠤᠷᠭᠤ ᠪᠣᠯᠤᠭᠰᠠᠨ ᠮᠣᠩᠭᠣᠯ ᠤᠨ ᠠᠩᠬᠠᠨ ᠤ ᠡᠮᠡᠭᠲᠡᠢ ᠪᠣᠺᠰᠴᠢᠨ ᠪᠣᠯᠵᠠᠢ᠃ ᠲ ∙ ᠨᠤᠮᠢᠡᠡᠷᠳᠡᠨᠢ ᠨᠢ ︽ᠬᠢᠯᠢᠴᠢᠨ︾ ᠺᠯᠦ᠋ᠪ ᠤᠨ ᠳᠠᠰᠬᠠᠯᠵᠢᠭᠤᠯᠤᠭᠴᠢ᠂ ᠰᠫᠣᠷᠲ ᠤᠨ ᠮᠠᠰᠲ᠋ᠸᠷ ᠵ∙ᠶᠡᠷᠺᠢᠨ ᠦ ᠱᠠᠪᠢ ᠶᠤᠮ᠃

ᠰᠡᠳᠬᠢᠭᠳᠡᠯ ᠦᠯᠡᠳᠡᠭᠡᠬᠦ