︽ᠰᠡᠭᠡᠰ ᠴᠠᠭᠠᠨ ᠪᠣᠭᠳᠠ︾ ᠳᠤ ᠵᠣᠷᠢᠭᠤᠯᠤᠨ ᠬᠥᠰᠢᠶ᠎ᠡ ᠪᠣᠰᠬᠠᠯ᠎ᠠ  | News.MN

 ︽ᠰᠡᠭᠡᠰ ᠴᠠᠭᠠᠨ ᠪᠣᠭᠳᠠ︾ ᠳᠤ ᠵᠣᠷᠢᠭᠤᠯᠤᠨ ᠬᠥᠰᠢᠶ᠎ᠡ ᠪᠣᠰᠬᠠᠯ᠎ᠠ 

ᠪᠠᠶᠠᠨᠬᠣᠩᠭᠣᠷ ᠠᠶᠢᠮᠠᠭ ᠤᠨ ᠰᠢᠨ᠎ᠡ ᠵᠢᠩᠰᠡᠲᠦ ᠰᠤᠮᠤ ᠶᠢᠨ ᠬᠢᠨ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠠᠷᠠᠳ ᠤᠨ ᠤᠷᠠᠨ ᠵᠣᠬᠢᠶᠠᠯᠴᠢ᠂ ᠲᠥᠷᠥ ᠶᠢᠨ ᠱᠠᠩᠨᠠᠯᠲᠤ ᠢᠷᠠᠭᠤ ᠨᠠᠶᠢᠷᠠᠭᠴᠢ ᠳᠡᠨᠳᠡᠪ ᠦᠨ ᠫᠦᠷᠪᠦᠳᠣᠷᠵᠢ ᠶᠢᠨ ︽ᠰᠡᠭᠡᠰ ᠴᠠᠭᠠᠨ ᠪᠣᠭᠳᠠ︾ ᠨᠠᠶᠢᠷᠠᠭᠯᠠᠯ ᠤᠨ 50 ᠵᠢᠯ ᠦᠨ ᠣᠢ ᠶᠢ ᠲᠡᠮᠳᠡᠭᠯᠡᠨ ᠥᠩᠭᠡᠷᠡᠭᠦᠯᠦᠯ᠎ᠡ᠃ ᠮᠥᠨ ᠦᠶ᠎ᠡ ᠪᠡᠷ ᠲᠤᠰ ᠨᠠᠶᠢᠷᠠᠭᠯᠠᠯ ᠳᠤ ᠵᠣᠷᠢᠭᠤᠯᠤᠨ ᠪᠣᠰᠬᠠᠭᠰᠠᠨ ᠭᠡᠷᠡᠯᠲᠦ ᠬᠥᠰᠢᠶ᠎ᠡ ᠶᠢ ᠨᠡᠭᠡᠭᠡᠵᠦ᠂ ︽ᠰᠡᠭᠡᠰ ᠴᠠᠭᠠᠨ ᠪᠣᠭᠳᠠ ᠨᠠᠶᠢᠷᠠᠭᠯᠠᠯ ᠢ ᠬᠡᠨ ᠰᠠᠶᠢᠨ ᠤᠩᠰᠢᠬᠤ ᠪᠤᠢ︾ ᠤᠷᠠᠨ ᠤᠩᠰᠢᠯᠭ᠎ᠠ ᠶᠢᠨ ᠤᠷᠤᠯᠳᠤᠭᠠᠨ᠂ ᠢᠷᠠᠭᠤ ᠨᠠᠶᠢᠷᠠᠭ ᠤᠨ ᠨᠠᠭᠠᠳᠤᠮ ᠢ ᠵᠣᠬᠢᠶᠠᠨ ᠪᠠᠶᠢᠭᠤᠯᠵᠠᠢ᠃ ᠡᠨᠡᠬᠦ ᠦᠢᠯᠡ ᠠᠵᠢᠯᠯᠠᠭᠠᠨ ᠳᠤ ᠢᠷᠠᠭᠤ ᠨᠠᠶᠢᠷᠠᠭᠴᠢ ᠳᠠᠮᠪᠠ ᠶᠢᠨ ᠲᠥᠷᠦᠪᠠᠲᠤ᠂ ᠮᠣᠩᠭᠣᠯ ᠤᠨ ᠵᠣᠬᠢᠶᠠᠯᠴᠢᠳ ᠤᠨ ᠡᠪᠯᠡᠯ ᠦᠨ ᠲᠡᠷᠢᠭᠦᠯᠡᠭᠴᠢ᠂ ᠢᠷᠠᠭᠤ ᠨᠠᠶᠢᠷᠠᠭᠴᠢ ᠨᠣᠷᠪᠤ ᠶᠢᠨ ᠭᠠᠩᠲᠤᠯᠭ᠎ᠠ᠂ ︽ᠳᠡᠨᠳᠡᠪ ᠦᠨ ᠫᠦᠷᠪᠦᠳᠣᠷᠵᠢ ᠰᠠᠩ︾ ᠤᠨ ᠲᠡᠷᠢᠭᠦᠨ ᠬᠠᠲᠤᠭᠲᠠᠢ ᠨ᠂ ᠨᠢᠮᠠᠴᠡᠴᠡᠭ᠂ ᠰᠤᠶᠤᠯ ᠤᠨ ᠭᠠᠪᠢᠶᠠᠲᠤ ᠵᠢᠳᠬᠦᠯᠲᠡᠨ ᠳ∙ᠴᠠᠬᠢᠯᠭᠠᠨ᠂ ᠶᠡᠬᠡ ᠨᠠᠶᠢᠷᠠᠭᠴᠢ ᠶᠢᠨ ᠥᠬᠢᠨ ᠫ∙ᠬᠠᠯᠢᠭᠤᠨ ᠪᠣᠯᠤᠨ ᠢᠷᠠᠭᠤ ᠨᠠᠶᠢᠷᠠᠭᠴᠢ᠂ ᠤᠷᠠᠨ ᠪᠦᠲᠦᠭᠡᠯᠴᠢᠳ᠂ ᠨᠤᠲᠤᠭ ᠤᠨ ᠵᠣᠨ ᠣᠷᠣᠯᠴᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ