︽ᠬᠡᠶᠢᠮᠣᠷᠢ ︾ ᠺᠢᠨᠣ᠋ ᠰᠢᠯᠢᠳᠡᠭ ᠢᠶᠡᠷ ᠰᠢᠯᠭᠠᠷᠠᠵᠠᠢ  | News.MN

 ︽ᠬᠡᠶᠢᠮᠣᠷᠢ ︾ ᠺᠢᠨᠣ᠋ ᠰᠢᠯᠢᠳᠡᠭ ᠢᠶᠡᠷ ᠰᠢᠯᠭᠠᠷᠠᠵᠠᠢ 

︽ᠬᠡᠶᠢᠮᠣᠷᠢ ︾ ᠤᠷᠠᠨ ᠰᠠᠶᠢᠬᠠᠨ ᠤ ᠺᠢᠨᠣ᠋ San Diego International Film Festival ᠨᠠᠭᠠᠳᠤᠮ ᠤᠨ ᠰᠢᠯᠢᠳᠡᠭ ᠦᠨ ᠰᠢᠯᠢᠳᠡᠭ ᠺᠢᠨᠣ᠋ ᠍ ᠪᠠᠷ ᠰᠢᠯᠭᠠᠷᠠᠵᠠᠢ ᠃ ︽ᠬᠦᠷᠡᠩ ᠮᠣᠷᠢ︾ ᠨᠠᠶᠢᠷᠠᠭᠯᠠᠯ ᠠᠴᠠ ᠰᠡᠳᠦᠪᠯᠡᠭᠰᠡᠨ ︽ᠬᠡᠶᠢᠮᠣᠷᠢ︾ ᠤᠷᠠᠨ ᠰᠠᠶᠢᠬᠠᠨ ᠤ ᠺᠢᠨᠣ᠋  ᠤᠰᠺᠠᠷ ᠲᠤ ᠨᠡᠷ᠎ᠡ ᠳᠡᠪᠰᠢᠬᠦ ᠡᠷᠬᠡ ᠪᠡᠨ ᠠᠪᠤᠭᠰᠠᠨ ᠲᠠᠯ᠎ᠠ ᠪᠠᠷ ᠪᠢᠳᠡ ᠡᠮᠦᠨ᠎ᠡ ᠨᠢ ᠮᠡᠳᠡᠭᠡᠯᠡᠭᠰᠡᠨ ᠪᠢᠯᠡ᠃ ᠤᠭ ᠺᠢᠨᠣ᠋ ᠨᠢ  ︽Nomadic Pictures︾᠂  ︽Three Flames Pictures︾᠂  ︽Belgute Pictures ︾ ᠍ ᠤᠨ ᠬᠠᠮᠲᠤ ᠶᠢᠨ ᠪᠦᠲᠦᠭᠡᠯ  ︽ᠬᠡᠶᠢᠮᠣᠷᠢ 》 ᠪᠤᠶᠤ  ︽Steed ︾ ᠤᠷᠠᠨ ᠰᠠᠶᠢᠬᠠᠨ ᠤ ᠺᠢᠨᠣᠨ ᠤ ᠨᠠᠶᠢᠷᠠᠭᠤᠯᠤᠭᠴᠢ ᠪᠠᠷ ᠭ∙ᠡᠷᠳᠡᠨᠢᠪᠢᠯᠢᠭ ᠠᠵᠢᠯᠯᠠᠭᠰᠠᠨ ᠶᠤᠮ᠃
ᠲᠤᠰ ᠺᠢᠨᠣ᠋ ᠨᠢ ᠭᠧᠷᠮᠠᠨ ᠳᠤ ᠪᠣᠯᠤᠭᠰᠠᠨ Oldenburg International Film Festival ᠍ ᠳᠦ ᠣᠷᠣᠯᠴᠠᠨ  ︽ᠺᠢᠨᠣ᠋ ᠤᠷᠠᠯᠢᠭ ᠤᠨ ᠠᠮᠢᠨ ᠰᠦᠨᠡᠰᠦ ︾ ᠱᠠᠩᠨᠠᠯ ᠢ ᠬᠦᠷᠲᠡᠭᠰᠡᠨ ᠶᠤᠮ᠃ ᠬᠣᠶᠠᠷ ᠴᠠᠭ ᠦᠷᠭᠦᠯᠵᠢᠯᠡᠬᠦ  ︽ᠬᠡᠶᠢᠮᠣᠷᠢ︾ ᠺᠢᠨᠣ᠋ ᠨᠢ ᠮᠣᠩᠭᠣᠯ ᠮᠣᠷᠢ᠂ ᠮᠣᠩᠭᠣᠯ ᠪᠠᠬᠠᠷᠬᠠᠯ᠂ ᠮᠣᠩᠭᠣᠯ ᠬᠦᠮᠦᠨ ᠦ ᠡᠬᠡ ᠣᠷᠣᠨ ᠢᠶᠠᠨ ᠬᠠᠶᠢᠷᠠᠯᠠᠬᠤ ᠰᠡᠳᠬᠢᠯ᠂ ᠬᠦᠮᠦᠨ  ᠪᠠᠶᠢᠭᠠᠯᠢ ᠶᠢᠨ ᠬᠣᠯᠪᠣᠭ᠎ᠠ᠂ ᠮᠣᠩᠭᠣᠯ ᠹᠢᠯᠣᠰᠣᠹᠢ ᠶᠢ ᠪᠠᠭᠲᠠᠭᠠᠭᠰᠠᠨ ᠠᠵᠠᠢ ᠃

ᠰᠡᠳᠬᠢᠭᠳᠡᠯ ᠦᠯᠡᠳᠡᠭᠡᠬᠦ