︽ᠮᠣᠩᠭᠣᠯ  ᠵᠦᠴᠦᠭᠡ ᠶᠢᠨ ᠡᠳᠦᠷ ᠦᠳ︾ ᠡᠬᠢᠯᠡᠯ᠎ᠡ  | News.MN

 ︽ᠮᠣᠩᠭᠣᠯ  ᠵᠦᠴᠦᠭᠡ ᠶᠢᠨ ᠡᠳᠦᠷ ᠦᠳ︾ ᠡᠬᠢᠯᠡᠯ᠎ᠡ 

ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠤᠯᠠᠭᠠᠨᠪᠠᠭᠠᠲᠤᠷ ᠬᠣᠲᠠ ᠡᠭᠦᠰᠬᠡᠨ ᠪᠠᠶᠢᠭᠤᠯᠤᠭᠰᠠᠨ ᠤ 380 ᠵᠢᠯ ᠦᠨ ᠣᠢ ᠶᠢ ᠤᠭᠲᠤᠨ ︽ᠮᠣᠩᠭᠣᠯ  ᠵᠦᠴᠦᠭᠡ ᠶᠢᠨ ᠡᠳᠦᠷ ᠦᠳ ︾ ᠲᠣᠭᠯᠠᠯᠲᠠ ᠪᠠᠨ  ︽ᠲᠩᠷᠢ ᠶᠢᠨ ᠬᠦᠦ ︾ ᠵᠦᠴᠦᠭᠡ  ᠪᠡᠷ ᠡᠬᠢᠯᠡᠭᠦᠯᠦᠯ᠎ᠡ᠃ ᠨᠡᠭᠡᠭᠡᠯᠲᠡ ᠥᠴᠥᠭᠡᠳᠦᠷ ︵10.19 ︶ ᠪᠣᠯᠵᠤ ᠮᠣᠳᠣᠨ ᠴᠠᠨ ᠢᠦᠢ ᠬᠠᠭᠠᠨ ᠤ ᠳᠦᠷᠢ ᠶᠢ ᠭ∙ᠠᠯᠲᠠᠨᠭᠡᠷᠡᠯ ᠲᠠᠶᠢᠰᠠᠨ᠎ᠠ ᠠᠮᠢᠯᠠᠭᠤᠯᠤᠯ᠎ᠠ᠃ ᠲᠡᠷᠡᠪᠡᠷ ᠠᠷᠠᠳ ᠤᠨ  ᠵᠦᠴᠦᠭᠡᠴᠢᠨ ᠪ∙ᠮᠥᠩᠬᠡᠳᠣᠷᠵᠢ ᠭᠤᠸᠠᠢ ᠶᠢᠨ ᠱᠠᠪᠢ ᠪᠥᠭᠡᠳ 2011 ᠣᠨ ᠳᠤ ᠰᠤᠶᠤᠯ ᠤᠷᠠᠯᠢᠭ ᠤᠨ ᠶᠡᠬᠡ ᠰᠤᠷᠭᠠᠭᠤᠯᠢ ᠢ ᠲᠡᠭᠦᠰᠬᠦ ᠵᠢᠯ ᠳᠦ ᠪᠡᠨ ᠳᠡᠭᠡᠷᠡᠬᠢ ᠵᠦᠴᠦᠭᠡ ᠶᠢᠨ ᠠᠷᠪᠠᠲᠤ ᠶᠢᠨ ᠪᠠᠭᠠᠲᠤᠷ ᠤᠳ ᠤᠨ ᠨᠢᠭᠡᠨ ᠳᠦ ᠰᠣᠩᠭᠣᠭᠳᠠᠨ ᠲᠣᠭᠯᠠᠵᠤ ᠪᠠᠶᠢᠭᠰᠠᠨ ᠲᠡᠦᠬᠡ ᠲᠡᠢ᠃ ᠮᠥᠨ ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠍ ᠤᠨ ᠰᠣᠩᠭᠣᠳᠠᠭ᠂ ᠦᠨᠳᠦᠰᠦᠨ ᠦ᠂ ᠣᠷᠴᠢᠨ ᠦᠶ᠎ᠡ ᠶᠢᠨ᠂ ᠬᠡᠦᠬᠡᠳ ᠦᠨ 30 ᠭᠠᠷᠤᠢ ᠵᠦᠴᠦᠭᠡ ᠶᠢᠨ ᠭᠣᠣᠯ ᠪᠠ  ᠲᠤᠰᠠᠯᠠᠬᠤ ᠳᠦᠷᠢ ᠨᠦᠭᠦᠳ ᠢ ᠪᠦᠲᠦᠭᠡᠵᠦ ᠂ ᠲᠢᠶᠠᠲ᠋ᠷ ᠤᠨ ᠤᠷᠠᠯᠢᠭ ᠲᠤ ᠥᠪᠡᠷ ᠦᠨ ᠭᠡᠰᠡᠨ ᠣᠷᠣᠨ ᠵᠠᠢ ᠶᠢ  ᠬᠡᠳᠦᠶᠢᠨ ᠪᠤᠢ ᠪᠣᠯᠭᠠᠭᠠᠳ ᠠᠮᠵᠢᠵᠠᠢ᠃
ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ 2019-2020 ᠣᠨ ᠤ ᠦᠵᠡᠪᠦᠷᠢ ᠶᠢᠨ ᠬᠥᠲᠥᠯᠪᠦᠷᠢ ᠪᠡᠨ ᠭᠠᠷᠭᠠᠭᠠᠳ ᠪᠠᠶᠢᠨ᠎ᠠ᠃ ᠠᠷᠪᠠ᠂ ᠠᠷᠪᠠᠨ ᠨᠢᠭᠡ ᠳᠦᠭᠡᠷ ᠰᠠᠷ᠎ᠠ ᠳᠤ  ︽ᠪᠢ ᠡᠨᠳᠡ ᠡᠴᠡ ᠶᠠᠪᠤᠬᠤ ᠦᠭᠡᠢ ︾᠂  ︽ᠵᠢᠷᠭᠠᠭ᠎ᠠ ᠦᠭᠡᠢ  ᠨᠠᠷᠠ ︾᠂  ︽ᠨᠠᠳᠠ ᠲᠠᠢ ᠦᠯᠡᠳᠡᠭᠡᠴᠢ ︾᠂  ︽ᠬᠠᠶᠢᠷ᠎ᠠ ᠶᠢᠨ ᠸᠢᠽ ︾᠂  ︽ᠲᠠᠮᠠᠭ᠎ᠠ ᠦᠭᠡᠢ ᠲᠥᠷᠥ ︾᠂  ︽ᠪᠦᠰᠡᠭᠦᠢ ᠶᠢᠨ ᠵᠤᠷᠪᠤᠰ ︾ ᠵᠡᠷᠭᠡ ᠵᠦᠴᠦᠭᠡ ᠦᠵᠡᠭᠴᠢᠳ ᠲᠦ ᠬᠦᠷᠬᠦ  ᠶᠤᠮ ᠃

ᠰᠡᠳᠬᠢᠭᠳᠡᠯ ᠦᠯᠡᠳᠡᠭᠡᠬᠦ