ᠬᠦᠭᠡᠮᠢ ᠶᠢᠨ ᠤᠷᠤᠯᠳᠤᠭᠠᠨ ᠥᠪᠦᠷᠬᠠᠩᠭᠠᠢ ᠳᠤ ᠪᠣᠯᠤᠯ᠎ᠠ  | News.MN

ᠬᠦᠭᠡᠮᠢ ᠶᠢᠨ ᠤᠷᠤᠯᠳᠤᠭᠠᠨ ᠥᠪᠦᠷᠬᠠᠩᠭᠠᠢ ᠳᠤ ᠪᠣᠯᠤᠯ᠎ᠠ 

     ᠲᠥᠪ ᠬᠠᠯᠬ᠎ᠠ ᠶᠢᠨ ᠨᠡᠷᠡᠲᠦ ᠬᠦᠭᠡᠮᠢᠴᠢ ᠰᠵᠤᠯᠠᠰᠠᠷ᠎ᠠ ᠠᠭᠰᠠᠨ ᠤ ᠨᠡᠷᠡᠮᠵᠢᠲᠦ ᠬᠦᠭᠡᠮᠢ ᠶᠢᠨ ᠤᠯᠤᠰ ᠤᠨ ᠤᠷᠤᠯᠳᠤᠭᠠᠨ ᠢ ︽ᠮᠣᠩᠭᠣᠯ ᠤᠨ ᠬᠦᠭᠡᠮᠢ ︾ ᠬᠣᠯᠪᠣᠭ᠎ᠠ ᠠᠷᠪᠠᠶᠢᠬᠡᠭᠡᠷ ᠲᠤ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃ ᠤᠷᠤᠯᠳᠤᠭᠠᠨ ᠳᠤ ᠤᠯᠠᠭᠠᠨᠪᠠᠭᠠᠲᠤᠷ ᠬᠣᠲᠠ᠂ ᠪᠠᠶᠠᠨᠬᠣᠩᠭᠣᠷ᠂ ᠥᠪᠦᠷᠬᠠᠩᠭᠠᠢ᠂ ᠬᠣᠪᠳᠣ᠂ ᠭᠣᠪᠢ-ᠠᠯᠲᠠᠢ᠂ ᠤᠪᠰᠤ᠂ ᠲᠥᠪ ᠠᠶᠢᠮᠠᠭ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠠᠴᠠ 40 ᠭᠠᠷᠤᠢ ᠬᠦᠭᠡᠮᠢᠴᠢ ᠬᠦᠷᠦᠯᠴᠡᠨ ᠢᠷᠡᠵᠦ᠂ ᠬᠠᠮᠲᠤᠯᠢᠭ᠂ ᠭᠣᠴᠣᠯᠠᠯ ᠭᠡᠰᠡᠨ ᠬᠣᠶᠠᠷ ᠲᠥᠷᠥᠯ ᠢᠶᠡᠷ ᠣᠷᠣᠯᠴᠠᠭᠰᠠᠨ ᠶᠤᠮ᠃
     ᠮᠣᠩᠭᠣᠯ ᠤᠨ ᠢᠵᠠᠭᠤᠷ ᠪᠡᠶᠡᠲᠦ ᠪᠤᠰᠤ ᠥᠪ  ᠬᠦᠭᠡᠮᠢ ᠶᠢᠨ ᠤᠷᠠᠯᠢᠭ ᠢ ᠮᠣᠩᠭᠣᠯ ᠳᠤ ᠲᠡᠳᠦᠢ ᠦᠭᠡᠢ ᠳᠡᠯᠡᠬᠡᠢ ᠶᠢᠨ ᠣᠯᠠᠨ ᠣᠷᠣᠨ ᠳᠤ ᠰᠤᠷᠲᠠᠯᠴᠢᠯᠠᠬᠤ ᠳᠤ ᠦᠨᠡᠲᠡᠢ ᠬᠤᠪᠢ ᠨᠡᠮᠡᠷᠢ ᠣᠷᠣᠭᠤᠯᠤᠭᠰᠠᠨ ᠠᠪᠢᠶᠠᠰᠲᠠᠨ ᠪᠣᠯ ᠰᠵᠤᠯᠠᠰᠠᠷ᠎ᠠ᠃ ᠲᠡᠷᠡ ᠪᠡᠷ ᠥᠪᠦᠷᠬᠠᠩᠭᠠᠢ ᠠᠶᠢᠮᠠᠭ ᠤᠨ ᠲᠢᠶᠠᠲ᠋ᠷ᠂ ᠤᠯᠤᠰ ᠤᠨ ᠠᠷᠠᠳ ᠤᠨ ᠳᠠᠭᠤᠤ ᠪᠦᠵᠢᠭ ᠦᠨ ᠴᠢᠭᠤᠯᠭ᠎ᠠ ᠳᠤ 18 ᠵᠢᠯ ᠠᠵᠢᠯᠯᠠᠬᠤ ᠬᠤᠭᠤᠴᠠᠭᠠᠨ ᠳᠤ ᠪᠠᠨ ᠭᠣᠴᠣᠯᠠᠯ ᠪᠦᠵᠢᠭᠴᠢᠨ ᠢᠶᠡᠷ ᠠᠵᠢᠯᠯᠠᠵᠤ᠂ ᠳ᠋ᠷᠠᠮ ᠤᠨ ᠵᠦᠴᠦᠭᠡ ᠨᠦᠭᠦᠳ ᠦᠨ ᠭᠣᠣᠯ ᠪᠠ ᠲᠤᠰᠯᠠᠬᠤ ᠳᠦᠷᠢ ᠶᠢ ᠪᠦᠲᠦᠭᠡᠵᠦ᠂ ︽ᠬᠠᠨ ᠬᠡᠨᠲᠡᠢ ᠶᠢᠨ ᠳᠠᠭᠤᠯᠠᠯ ︾᠂ ︽ᠮᠣᠩᠭᠣᠯ ᠲᠦᠮᠡᠨ ᠦ ᠳᠠᠭᠤᠯᠠᠯ︾ ᠵᠡᠷᠭᠡ ᠣᠯᠠᠨ ᠪᠦᠲᠦᠭᠡᠯ ᠢ ᠲᠤᠭᠤᠷᠪᠢᠭᠰᠠᠨ ᠠᠪᠢᠶᠠᠰᠯᠢᠭ ᠨᠢᠭᠡᠨ ᠪᠠᠶᠢᠪᠠ᠃ ᠮᠥᠨ ᠳᠡᠯᠡᠬᠡᠢ ᠶᠢᠨ 20 ᠭᠠᠷᠤᠢ ᠣᠷᠣᠨ ᠳᠤ ᠬᠦᠭᠡᠮᠢ ᠶᠢᠨ ᠭᠠᠶᠢᠬᠠᠮᠰᠢᠭ ᠢ ᠰᠤᠷᠲᠠᠯᠴᠢᠯᠠᠵᠤ᠂ ᠶᠠᠫᠣᠨ ᠤ ᠲᠥᠪ ᠲᠸᠯᠸᠢᠰ ᠦᠨ ᠠᠯᠲᠠᠨ ᠰᠠᠩ ᠳᠤ ᠭᠤᠷᠪᠠᠨ ᠳᠠᠭᠤᠤ ᠪᠠᠨ ᠪᠢᠴᠢᠭᠦᠯᠵᠦ  ᠪᠠᠶᠢᠪᠠ᠃

 

ᠰᠡᠳᠬᠢᠭᠳᠡᠯ ᠦᠯᠡᠳᠡᠭᠡᠬᠦ