︽ᠲᠠᠯ᠎ᠠ ᠶᠢᠨ ᠲᠦᠮᠡᠨ ᠠᠳᠤᠭᠤ-2019 ︾ ᠪᠣᠯᠤᠨ᠎ᠠ  | News.MN

 ︽ᠲᠠᠯ᠎ᠠ ᠶᠢᠨ ᠲᠦᠮᠡᠨ ᠠᠳᠤᠭᠤ-2019 ︾ ᠪᠣᠯᠤᠨ᠎ᠠ 

︽ᠮᠥᠩᠬᠡ ᠬᠠᠷᠢᠯᠴᠠᠭ᠎ᠠ︾ ᠲᠥᠷᠥ ᠶᠢᠨ ᠪᠤᠰᠤ ᠪᠠᠶᠢᠭᠤᠯᠤᠯᠭ᠎ᠠ ᠶᠢᠨ ᠰᠠᠨᠠᠭᠠᠴᠢᠯᠠᠭ᠎ᠠ ᠪᠠᠷ ︽ᠲᠠᠯ᠎ᠠ ᠶᠢᠨ ᠲᠦᠮᠡᠨ ᠠᠳᠤᠭᠤ ︾ ᠨᠠᠭᠠᠳᠤᠮ ᠢ ᠵᠢᠷᠭᠤᠭ᠎ᠠ ᠳ᠋ᠡᠬᠢ ᠵᠢᠯ ᠳᠦ ᠪᠡᠨ ᠬᠡᠨᠲᠡᠢ ᠠᠶᠢᠮᠠᠭ ᠤᠨ ᠪᠠᠲᠤᠨᠤᠷᠪᠤ ᠰᠤᠮᠤᠨ ᠳᠤ 11 ᠳ᠋ᠤᠭᠡᠷ ᠰᠠᠷ᠎ᠠ ᠶᠢᠨ 1-3 ᠍ ᠳᠦ ᠵᠣᠬᠢᠶᠠᠨ ᠪᠠᠶᠢᠭᠤᠯᠤᠨ᠎ᠠ᠃  ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠬᠡᠨᠲᠡᠢ ᠠᠶᠢᠮᠠᠭ ᠢ ᠲᠡᠦᠬᠡᠨ ᠠᠶᠠᠯᠠᠯ ᠵᠢᠭᠤᠯᠴᠢᠯᠠᠯ ᠤᠨ ᠪᠥᠰᠡ ᠨᠤᠲᠤᠭ ᠪᠣᠯᠭᠠᠨ ᠵᠠᠷᠯᠠᠭᠰᠠᠨ ᠪᠢᠯᠡ᠃ ᠡᠭᠦᠨ  ᠠᠴᠠ ᠡᠮᠦᠨ᠎ᠡ ᠣᠯᠠᠨ ᠤᠯᠤᠰ ᠲᠤ ᠬᠡᠨᠲᠡᠢ ᠨᠤᠲᠤᠭ ᠢᠶᠠᠨ ᠰᠤᠷᠲᠠᠯᠴᠢᠯᠠᠨ ᠲᠠᠨᠢᠭᠤᠯᠵᠤ ᠢᠷᠡᠭᠰᠡᠨ ᠰᠢᠨᠡᠯᠢᠭ ᠦᠢᠯᠡ ᠠᠵᠢᠯᠯᠠᠭ᠎ᠠ ᠪᠣᠯ ᠵᠢᠯ ᠪᠦᠷᠢ ᠪᠠᠲᠤᠨᠤᠷᠪᠤ ᠰᠤᠮᠤᠨ ᠳᠤ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ ︽ᠲᠠᠯ᠎ᠠ ᠶᠢᠨ ᠲᠦᠮᠡᠨ ᠠᠳᠤᠭᠤ︾ ᠡᠪᠦᠯ ᠦᠨ ᠨᠠᠭᠠᠳᠤᠮ ᠶᠤᠮ᠃
ᠲᠤᠰ ᠨᠠᠭᠠᠳᠤᠮ ᠢ ᠪᠠᠲᠤᠨᠤᠷᠪᠤ ᠰᠤᠮᠤ ᠶᠢᠨ ᠤᠤᠭᠠᠯ ︽ᠮᠥᠩᠬᠡ ᠬᠠᠷᠢᠯᠴᠠᠭ᠎ᠠ︾ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠡ᠊∙ᠴᠡᠷᠡᠩᠪᠠᠲᠤ ᠰᠠᠨᠠᠭᠠᠴᠢᠯᠠᠨ ᠠᠮᠵᠢᠯᠲᠠᠲᠠᠢ ᠵᠣᠬᠢᠶᠠᠨ ᠪᠠᠶᠢᠭᠤᠯᠵᠤ ᠢᠷᠡᠵᠡᠢ᠃ ᠮᠣᠷᠢᠲᠠᠨ ᠮᠣᠩᠭᠣᠯ ᠤᠨ ᠢᠶᠠᠨ ᠮᠠᠯᠴᠢᠨ ᠠᠬᠤᠢ᠂ ᠪᠡᠶᠡᠲᠦ ᠪᠤᠰᠤ ᠰᠤᠶᠤᠯ ᠤᠨ ᠥᠪ ᠢ ᠬᠠᠳᠠᠭᠠᠯᠠᠬᠤ᠂ ᠲᠠᠨᠢᠭᠤᠯᠤᠨ ᠰᠤᠷᠲᠠᠯᠴᠢᠯᠠᠬᠤ ᠵᠣᠷᠢᠯᠭ᠎ᠠ ᠲᠠᠢ ︽ᠲᠠᠯ᠎ᠠ ᠶᠢᠨ ᠲᠦᠮᠡᠨ ᠠᠳᠤᠭᠤ- 2018︾ ᠨᠠᠭᠠᠳᠤᠮ ᠢ ᠲᠠᠪᠤᠳᠠᠬᠢ ᠤᠳᠠᠭ᠎ᠠ ᠪᠠᠨ ᠥᠩᠭᠡᠷᠡᠭᠰᠡᠨ ᠣᠨ ᠤ 11 ᠳ᠋ᠤᠭᠡᠷ ᠰᠠᠷ᠎ᠠ ᠳᠤ ᠵᠣᠬᠢᠶᠠᠨ ᠪᠠᠶᠢᠭᠤᠯᠤᠭᠰᠠᠨ᠃ ᠭᠤᠷᠪᠠᠨ ᠡᠳᠦᠷ ᠦᠨ ᠬᠤᠭᠤᠴᠠᠭᠠᠨ ᠳᠤ 2000 ᠣᠷᠴᠢᠮ ᠳᠣᠲᠣᠭᠠᠳᠤ᠂ ᠭᠠᠳᠠᠭᠠᠳᠤ ᠶᠢᠨ ᠵᠢᠭᠤᠯᠴᠢᠳ ᠢᠷᠡᠭᠰᠡᠨ ᠡᠴᠡ ᠭᠧᠷᠮᠠᠨ᠂ ᠠᠮᠧᠷᠢᠺᠠ ᠂ ᠶᠡᠬᠡ  ᠪᠷᠢᠲ᠋ᠠᠨ᠂ ᠠᠦᠢᠰᠲᠷᠠᠯᠢᠶ᠎ᠠ᠂ ᠫᠤᠯᠠᠨᠳ᠋᠂ ᠹᠷᠠᠨᠼᠢ᠂ ᠬᠢᠲᠠᠳ᠂ ᠶᠠᠫᠣᠨ᠂ ᠮᠣᠩᠭᠣᠯ ᠵᠡᠷᠭᠡ 15 ᠣᠷᠣᠨ ᠤ ᠵᠢᠭᠤᠯᠴᠢᠳ ᠨᠠᠭᠠᠳᠤᠮ ᠢ ᠵᠣᠷᠢᠨ ᠢᠷᠡᠵᠡᠢ᠃ ᠲᠤᠰ ᠨᠠᠭᠠᠳᠤᠮ ᠤᠨ ᠲᠤᠬᠠᠢ 2018 ᠣᠨ ᠤ ᠬᠠᠪᠤᠷ᠂ ᠵᠤᠨ ᠤ ᠲᠤᠷᠰᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ  ᠦᠪᠦᠷ  ᠮᠤᠩᠭᠤᠯ  ᠤᠨ ︽ᠣᠳᠣᠨ︾ ᠲᠸᠯᠸᠢᠰ ᠭᠤᠷᠪᠠᠨ  ᠠᠩᠭᠢᠲᠤ ᠨᠡᠪᠲᠡᠷᠡᠭᠦᠯᠭᠡ ᠪᠡᠯᠡᠳᠬᠡᠨ ᠨᠡᠶᠢᠲᠡ 54 ᠰᠠᠶ᠎ᠠ ᠦᠵᠡᠭᠴᠢᠳ ᠲᠦ ᠬᠦᠷᠭᠡᠭᠰᠡᠨ ᠪᠠᠶᠢᠨ᠎ᠠ᠃ ᠡᠭᠦᠨ ᠦ ᠦᠷ᠎ᠡ ᠳ᠋ᠦᠩ ᠳᠦ ᠬᠤᠪᠢ ᠪᠣᠯᠤᠨ ᠺᠣᠮᠫᠠᠨᠢ ᠪᠠᠷ ᠳᠠᠮᠵᠢᠭᠤᠯᠤᠨ ᠨᠠᠭᠠᠳᠤᠮ ᠢ ᠵᠣᠷᠢᠬᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠵᠢᠭᠤᠯᠴᠢᠳ ᠤᠨ ᠤᠷᠤᠰᠬᠠᠯ ᠶᠡᠬᠡ ᠪᠡᠷ ᠨᠡᠮᠡᠭᠳᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ