︽ᠠᠭᠲᠠᠨ᠎ᠠ ᠬᠦᠷᠢᠶᠡᠲᠦ-2︾  ᠠᠳᠤᠭᠤᠴᠢᠳ ᠤᠷᠢᠯᠭ᠎ᠠ ᠪᠠᠷ ᠣᠷᠣᠯᠴᠠᠨ᠎ᠠ  | News.MN

 ︽ᠠᠭᠲᠠᠨ᠎ᠠ ᠬᠦᠷᠢᠶᠡᠲᠦ-2︾  ᠠᠳᠤᠭᠤᠴᠢᠳ ᠤᠷᠢᠯᠭ᠎ᠠ ᠪᠠᠷ ᠣᠷᠣᠯᠴᠠᠨ᠎ᠠ 

︽ᠠᠭᠲᠠᠨ᠎ᠠ ᠬᠦᠷᠢᠶᠡᠲᠦ-2︾ ᠬᠦᠯᠢᠭᠴᠢ ᠡᠷᠡᠰ ᠦᠨ ᠨᠠᠭᠠᠳᠤᠮ᠂ ᠣᠯᠠᠨ ᠤᠯᠤᠰ ᠤᠨ ᠭᠡᠷᠡᠯ ᠵᠢᠷᠤᠭᠴᠢᠳ ᠤᠨ ᠦᠵᠡᠭᠦᠯᠦᠯᠭᠡ ᠢᠷᠡᠬᠦ ᠰᠠᠷ᠎ᠠ ᠶᠢᠨ 16᠂17 ᠤ ᠡᠳᠦᠷ ᠰᠦᠬᠡᠪᠠᠭᠠᠲᠤᠷ ᠠᠶᠢᠮᠠᠭ ᠤᠨ ᠳᠠᠷᠢᠭᠠᠩᠭ᠎ᠠ ᠰᠤᠮᠤ ᠶᠢᠨ ᠰᠢᠯᠢ ᠶᠢᠨ ᠪᠣᠭᠳᠠ ᠬᠠᠶᠢᠷᠬᠠᠨ ᠤ ᠡᠩᠭᠡᠷ ᠲᠦ ᠪᠣᠯᠤᠨ᠎ᠠ᠃ ᠡᠨᠡ ᠵᠢᠯ ᠦᠨ ᠦᠵᠡᠭᠦᠯᠦᠯᠭᠡ ᠬᠣᠶᠠᠷ ᠡᠳᠦᠷ ᠦᠷᠭᠦᠯᠵᠢᠯᠡᠬᠦ ᠪᠥᠭᠡᠳ ᠪᠥᠰᠡ ᠶᠢᠨ ᠠᠶᠢᠮᠠᠭ ᠤᠳ ᠤᠨ ᠠᠳᠤᠭᠤᠴᠢᠳ ᠤᠷᠢᠯᠭ᠎ᠠ ᠪᠠᠷ ᠣᠷᠣᠯᠴᠠᠬᠤ ᠪᠠᠷ ᠢᠶᠠᠨ ᠣᠨᠴᠠᠯᠢᠭ  ᠠᠵᠠᠢ᠃
ᠥᠩᠭᠡᠷᠡᠭᠰᠡᠨ ᠵᠢᠯ ᠠᠩᠬᠠᠳᠤᠭᠠᠷ ᠦᠵᠡᠭᠦᠯᠦᠯᠭᠡ ᠪᠠᠨ ᠬᠢᠭᠰᠡᠨ ᠪᠣᠯᠬᠣᠷ ᠡᠨᠡ ᠵᠢᠯ ᠨᠡᠯᠢᠶᠡᠨ ᠥᠷᠭᠡᠵᠢᠬᠦ ᠲᠥᠯᠥᠪᠲᠡᠢ ᠪᠠᠶᠢᠨ᠎ᠠ᠃ ᠡᠨᠡ ᠵᠢᠯ ᠦᠨ ᠨᠠᠭᠠᠳᠤᠮ ᠬᠣᠶᠠᠷ ᠡᠳᠦᠷ ᠦᠷᠭᠦᠯᠵᠢᠯᠡᠬᠦ ᠪᠦᠭᠡᠳ ᠡᠨᠡ ᠵᠢᠯ ᠡᠴᠡ ᠪᠥᠰᠡ ᠶᠢᠨ ᠴᠢᠨᠠᠷᠲᠠᠢ ᠪᠣᠯᠭᠠᠵᠤ᠂ ᠬᠡᠨᠲᠡᠢ ᠂ ᠳᠣᠷᠣᠨᠠᠲᠤ ᠠᠶᠢᠮᠠᠭ ᠠᠴᠠ ᠲᠤᠰ ᠪᠦᠷᠢ ᠭᠤᠷᠪᠠᠨ ᠠᠳᠤᠭᠤᠴᠢᠨ ᠢ ᠤᠷᠢᠯᠭ᠎ᠠ ᠪᠠᠷ ᠣᠷᠤᠯᠴᠠᠭᠤᠯᠬᠤ ᠪᠠᠷ ᠰᠢᠢᠳᠪᠦᠷᠢᠯᠡᠭᠰᠡᠨ᠃ ᠠᠩᠬᠠᠳᠤᠭᠠᠷ ᠨᠠᠭᠠᠳᠤᠮ ᠳᠤ ᠠᠮᠧᠷᠢᠺᠠ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠦᠪᠦᠷ ᠮᠤᠩᠭᠤᠯ ᠤᠨ ᠠᠶᠢᠮᠠᠭ ᠬᠤᠲᠠ ᠨᠤᠭᠤᠳ ᠠᠴᠠ ᠵᠢᠭᠤᠯᠴᠢᠳ ᠶᠡᠬᠡ ᠢᠷᠡᠵᠦ ᠣᠷᠣᠯᠴᠠᠭᠰᠠᠨ᠃  ᠲᠡᠳᠡ ᠪᠠᠶᠢᠷᠢ ᠰᠠᠪᠠᠨ ᠤ ᠲᠠᠪᠠ ᠲᠤᠬ᠎ᠠ ᠮᠠᠭᠤ᠂ ᠮᠥᠨ ᠠᠷᠢᠭᠤᠨ ᠴᠡᠪᠡᠷ ᠦᠨ ᠪᠠᠶᠢᠭᠤᠯᠤᠮᠵᠢ ᠶᠢᠨ ᠠᠰᠠᠭᠤᠳᠠᠯ ᠮᠠᠰᠢ ᠬᠦᠨᠳᠦ ᠪᠠᠶᠢᠭ᠎ᠠ ᠶᠢ ᠤᠯᠠᠮᠵᠢᠯᠠᠭᠰᠠᠨ᠃ ᠡᠨᠡ ᠪᠦᠬᠦ ᠠᠰᠠᠭᠤᠳᠠᠯ ᠢ ᠰᠢᠢᠳᠪᠦᠷᠢᠯᠡᠬᠦ ᠶᠤᠮ ᠪᠣᠯ ᠢᠯᠡᠭᠦᠦ ᠣᠯᠠᠨ ᠵᠢᠭᠤᠯᠴᠢᠨ ᠢ ᠲᠠᠲᠠᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ