︽ᠪᠣᠰᠤᠭ᠎ᠠ ᠬᠥᠬᠡ ᠮᠣᠩᠭᠣᠯ ︾ ᠶᠢᠨ ᠬᠢᠨ ᠢ ᠶᠠᠯᠠᠯᠠᠭᠳᠠᠭᠴᠢ ᠪᠠᠷ ᠲᠠᠲᠠᠵᠠᠢ  | News.MN

 ︽ᠪᠣᠰᠤᠭ᠎ᠠ ᠬᠥᠬᠡ ᠮᠣᠩᠭᠣᠯ ︾ ᠶᠢᠨ ᠬᠢᠨ ᠢ ᠶᠠᠯᠠᠯᠠᠭᠳᠠᠭᠴᠢ ᠪᠠᠷ ᠲᠠᠲᠠᠵᠠᠢ 

ᠮᠣᠩᠭᠣᠯ ᠤᠨ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠠᠴᠠ ᠴᠠᠭᠳᠠᠭ᠎ᠠ ᠶᠢᠨ ᠪᠠᠶᠢᠭᠤᠯᠤᠯᠭ᠎ᠠ ᠳᠤ ᠠᠯᠪᠠᠨ ᠪᠢᠴᠢᠭ ᠬᠦᠷᠭᠡᠭᠦᠯᠵᠡᠢ᠃ ᠲᠤᠰ ᠠᠯᠪᠠᠨ ᠪᠢᠴᠢᠭ ᠲᠦ ᠄ᠰᠡᠭᠦᠯ ᠦᠨ ᠦᠶ᠎ᠡ ᠳᠦ ᠡᠬᠡ ᠣᠷᠣᠨ᠂ ᠪᠠᠶᠢᠭᠠᠯᠢ ᠣᠷᠴᠢᠨ ᠢᠶᠠᠨ ᠬᠠᠮᠠᠭᠠᠯᠠᠬᠤ ᠨᠡᠷ᠎ᠡ ᠶᠢᠨ ᠳᠣᠣᠷ᠎ᠠ ᠲᠥᠷᠥ ᠶᠢᠨ ᠪᠤᠰᠤ ᠪᠠᠶᠢᠭᠤᠯᠤᠯᠭ᠎ᠠ᠂ ᠪᠦᠯᠦᠭ᠂ ᠬᠣᠯᠪᠣᠭ᠎ᠠ᠂  ᠢᠷᠭᠡᠳ  ᠪᠢᠽᠢᠨᠧᠰ ᠦᠨ ᠲᠣᠳᠣᠷᠬᠠᠢ ᠰᠠᠯᠪᠤᠷᠢ ᠂ ᠲᠡᠭᠦᠨ ᠦ ᠳᠣᠲᠣᠷ᠎ᠠ ᠠᠭᠤᠯᠠ ᠠᠭᠤᠷᠬᠠᠢ ᠶᠢᠨ ᠺᠣᠮᠫᠠᠨᠢ ᠨᠤᠭᠤᠳ ᠲᠤ ᠳᠠᠷᠤᠮᠲᠠ ᠰᠢᠬᠠᠯᠲᠠ ᠦᠵᠡᠭᠦᠯᠬᠦ᠂ ᠳᠠᠭᠠᠷᠢᠵᠤ ᠤᠷᠤᠬᠤ᠂ ᠪᠡᠶ᠎ᠡ ᠪᠣᠯᠤᠨ ᠨᠡᠷ᠎ᠡ ᠬᠦᠨᠳᠦ ᠳᠦ ᠨᠢ ᠬᠠᠯᠳᠠᠬᠤ ᠦᠢᠯᠡᠳᠦᠯ ᠤᠳᠠᠭ᠎ᠠ ᠳᠠᠷᠠᠭ᠎ᠠ ᠭᠠᠷᠴᠤ᠂ ᠮᠣᠩᠭᠣᠯ ᠤᠯᠤᠰ ᠤᠨ ᠬᠠᠤᠯᠢ ᠶᠢ ᠤᠳᠠᠭ᠎ᠠ ᠳᠠᠷᠠᠭ᠎ᠠ ᠵᠥᠷᠢᠴᠡᠵᠦ ᠪᠠᠶᠢᠨ᠎ᠠ᠃ ᠡᠨᠡ ᠮᠡᠲᠦ ᠦᠢᠯᠡᠳᠦᠯ ᠢ ᠰᠢᠯᠭᠠᠵᠤ᠂ ᠬᠠᠤᠯᠢ ᠶᠢᠨ ᠳᠠᠭᠠᠤ ᠬᠠᠷᠢᠭᠤᠴᠠᠯᠭ᠎ᠠ ᠲᠣᠭᠠᠴᠠᠵᠤ ᠥᠭᠭᠦᠨ᠎ᠡ ᠦᠦ ᠭᠡᠵᠡᠢ᠃
ᠴᠠᠭᠳᠠᠭ᠎ᠠ ᠶᠢᠨ ᠪᠠᠶᠢᠭᠤᠯᠤᠯᠭ᠎ᠠ ᠠᠴᠠ ︽ᠪᠣᠰᠤᠭ᠎ᠠ ᠬᠥᠬᠡ ᠮᠣᠩᠭᠣᠯ︾ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠭ∙ᠭᠠᠩᠬᠤᠶᠠᠭ᠂ ︽ᠳᠡᠯᠡᠬᠡᠢ ᠶᠢᠨ ᠮᠣᠩᠭᠣᠯ ᠨᠣᠭᠣᠭᠠᠨ ᠨᠢᠭᠡᠳᠦᠯ ︾ ᠤᠨ ᠲᠡᠷᠢᠭᠦᠨ ᠬ∙ᠪᠡᠭᠡᠵᠢᠩ ᠨᠡᠷ ᠲᠦ ᠡᠷᠡᠭᠦᠦ ᠶᠢᠨ ᠬᠡᠷᠡᠭ ᠡᠭᠦᠰᠬᠡᠭᠰᠡᠨ ᠪᠠᠶᠢᠨ᠎ᠠ᠃ ᠬ∙ᠪᠡᠭᠡᠵᠢᠩ ᠳᠦ  ︽ᠡᠷᠡᠭᠦᠦ ᠶᠢᠨ ᠬᠠᠤᠯᠢ︾ ᠶᠢᠨ 17.6 ᠪᠤᠶᠤ ᠪᠤᠰᠤᠳ ᠤᠨ ᠡᠳ᠋ ᠬᠥᠷᠥᠩᠭᠡ ᠶᠢ ᠠᠪᠬᠤ ᠪᠠᠷ ᠵᠠᠨᠤᠯᠬᠢᠯᠠᠬᠤ ᠭᠡᠮᠲᠦ ᠬᠡᠷᠡᠭ ᠢ ᠪᠠᠶᠢᠩᠭᠤ ᠦᠢᠯᠡᠳᠦᠭᠰᠡᠨ ᠭᠡᠬᠦ ᠦᠨᠳᠦᠰᠦᠯᠡᠯ ᠢᠶᠡᠷ ︔ ᠭ∙ᠭᠠᠩᠬᠤᠶᠠᠭ ᠲᠤ  ︽ᠡᠷᠡᠭᠦᠦ ᠶᠢᠨ ᠬᠠᠤᠯᠢ︾ ᠶᠢᠨ 14.1 ᠪᠤᠶᠤ ᠢᠯᠭᠠᠪᠤᠷᠢᠯᠠᠨ ᠭᠠᠳᠠᠭᠤᠷᠬᠠᠬᠤ᠂ 17.6 ᠪᠤᠰᠤᠳ ᠤᠨ ᠡᠳ᠋ ᠬᠥᠷᠥᠩᠭᠡ ᠶᠢ ᠠᠪᠬᠤ ᠪᠠᠷ ᠵᠠᠨᠤᠯᠬᠢᠯᠠᠬᠤ ᠵᠦᠢᠯ ᠠᠩᠭᠢ ᠪᠠᠷ ᠡᠷᠡᠭᠦᠦ ᠶᠢᠨ ᠬᠡᠷᠡᠭ ᠡᠭᠦᠰᠬᠡᠨ᠂ ᠶᠠᠯᠠᠯᠠᠭᠳᠠᠭᠴᠢ ᠪᠠᠷ ᠲᠠᠲᠠᠵᠠᠢ᠃

ᠰᠡᠳᠬᠢᠭᠳᠡᠯ ᠦᠯᠡᠳᠡᠭᠡᠬᠦ