ᠮᠣᠩᠭᠣᠯ ᠠᠦ᠋ᠰᠲᠷᠢᠶ᠎ᠠ ᠶᠢᠨ ᠪᠢᠽᠢᠨᠧᠰ ᠠᠭᠤᠯᠵᠠᠯᠲᠠ ᠪᠣᠯᠤᠨ᠎ᠠ  | News.MN

ᠮᠣᠩᠭᠣᠯ ᠠᠦ᠋ᠰᠲᠷᠢᠶ᠎ᠠ ᠶᠢᠨ ᠪᠢᠽᠢᠨᠧᠰ ᠠᠭᠤᠯᠵᠠᠯᠲᠠ ᠪᠣᠯᠤᠨ᠎ᠠ 

ᠮᠣᠩᠭᠣᠯ ᠠᠦ᠋ᠰᠲᠷᠢᠶ᠎ᠠ  ᠶᠢᠨ ᠪᠢᠽᠢᠨᠧᠰ ᠠᠭᠤᠯᠵᠠᠯᠲᠠ ᠮᠠᠷᠭᠠᠰᠢ ᠪᠤᠶᠤ 10 ᠳ᠋ᠤᠭᠠᠷ ᠰᠠᠷ᠎ᠠ ᠶᠢᠨ 17 ᠳᠦ ᠱᠠᠩᠷᠢᠯᠠ ᠵᠣᠴᠢᠳ ᠪᠠᠭᠤᠳᠠᠯ ᠳᠤ ᠪᠣᠯᠤᠨ᠎ᠠ᠃ ᠮᠣᠩᠭᠣᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠪᠣᠯᠤᠨ ᠪᠦᠭᠦᠳᠡ ᠨᠠᠶᠢᠷᠠᠮᠳᠠᠬᠤ ᠠᠦ᠋ᠰᠲᠷᠢᠶ᠎ᠠ ᠤᠯᠤᠰ ᠤᠨ ᠡᠳ᠋ ᠦᠨ ᠵᠠᠰᠠᠭ ᠤᠨ ᠲᠠᠩᠬᠢᠮ ᠬᠠᠮᠲᠤᠷᠠᠨ ᠵᠣᠬᠢᠶᠠᠨ ᠪᠠᠶᠢᠭᠤᠯᠬᠤ ᠠᠭᠤᠯᠵᠠᠯᠲᠠ ᠪᠠᠷ ᠬᠣᠶᠠᠷ ᠤᠯᠤᠰ ᠤᠨ ᠬᠣᠭᠣᠷᠣᠨᠳᠣᠬᠢ ᠬᠤᠳᠠᠯᠳᠤᠭᠠᠨ ᠤ ᠲᠣᠭ᠎ᠠ ᠬᠡᠮᠵᠢᠶ᠎ᠡ ᠶᠢ ᠨᠡᠮᠡᠭᠳᠡᠭᠦᠯᠬᠦ ᠳᠦ ᠲᠠᠯ᠎ᠠ ᠨᠤᠭᠤᠳ ᠬᠠᠮᠲᠤᠷᠠᠨ ᠠᠵᠢᠯᠯᠠᠬᠤ ᠰᠠᠨᠠᠯ ᠲᠠᠯᠪᠢᠵᠤ᠂ ᠬᠠᠷᠢᠯᠴᠠᠨ ᠮᠡᠳᠡᠭᠡ᠂ ᠮᠡᠳᠡᠭᠡᠯᠡᠯ ᠰᠤᠯᠢᠯᠴᠠᠬᠤ ᠶᠤᠮ ᠃
ᠴᠢᠭᠤᠯᠭ᠎ᠠ ᠠᠭᠤᠯᠵᠠᠯᠲᠠ ᠳᠤ ᠠᠦ᠋ᠰᠲᠷᠢᠶ᠎ᠠ  ᠶᠢᠨ AME International᠂ Raiffeisen Bank International AG᠂ UniCredit Bank Austria AG ᠵᠡᠷᠭᠡ ᠪᠠᠩᠬᠢ᠂ ᠰᠠᠩᠬᠦᠦ ᠶᠢᠨ ᠪᠠᠶᠢᠭᠤᠯᠤᠯᠭ᠎ᠠ᠂ ᠲᠤᠰ ᠤᠯᠤᠰ ᠤᠨ ᠲᠡᠷᠢᠭᠦᠯᠡᠭᠴᠢ ᠶᠢᠰᠦᠨ ᠺᠣᠮᠫᠠᠨᠢ ᠶᠢᠨ ᠲᠥᠯᠥᠭᠡᠯᠡᠯ ᠣᠷᠣᠯᠴᠠᠵᠤ ᠦᠢᠯᠡ ᠠᠵᠢᠯᠯᠠᠭ᠎ᠠ᠂ ᠪᠦᠲᠦᠭᠡᠭᠳᠡᠬᠦᠨ ᠦᠢᠯᠡᠴᠢᠯᠡᠭᠡ ᠪᠡᠨ ᠲᠠᠨᠢᠯᠴᠠᠭᠤᠯᠬᠤ ᠶᠤᠮ᠃

ᠰᠡᠳᠬᠢᠭᠳᠡᠯ ᠦᠯᠡᠳᠡᠭᠡᠬᠦ