ᠬ∙ᠪᠠᠲᠤᠲᠤᠯᠭ᠎ᠠ ᠬᠥᠯ ᠪᠥᠮᠪᠥᠭᠡ ᠶᠢᠨ ᠲᠠᠯᠠᠪᠠᠢ ᠶᠢᠨ ᠨᠡᠭᠡᠭᠡᠯᠲᠡ ᠳᠦ ᠤᠷᠤᠯᠴᠠᠪᠠ  | News.MN

ᠬ∙ᠪᠠᠲᠤᠲᠤᠯᠭ᠎ᠠ ᠬᠥᠯ ᠪᠥᠮᠪᠥᠭᠡ ᠶᠢᠨ ᠲᠠᠯᠠᠪᠠᠢ ᠶᠢᠨ ᠨᠡᠭᠡᠭᠡᠯᠲᠡ ᠳᠦ ᠤᠷᠤᠯᠴᠠᠪᠠ 

ᠣᠯᠠᠨ ᠤᠯᠤᠰ ᠤᠨ ᠬᠥᠯ ᠪᠥᠮᠪᠥᠭᠡ ᠶᠢᠨ  ᠬᠤᠯᠪᠤᠭᠠᠨ᠍ ᠤ FIFA Forward 1.0 ᠪᠤᠶᠤ ᠬᠥᠯ ᠪᠥᠮᠪᠥᠭᠡ ᠶᠢᠨ ᠬᠥᠭᠵᠢᠯ ᠢ ᠳᠡᠮᠵᠢᠬᠦ ᠲᠥᠰᠥᠯ ᠦᠨ ᠬᠦᠷᠢᠶᠡᠨ ᠳᠦ ᠬᠠᠨ ᠠᠭᠤᠯᠠ ᠳᠡᠭᠦᠷᠭᠡ ᠶᠢᠨ 8 ᠳ᠋ᠤᠭᠠᠷ ᠬᠣᠷᠢᠶ᠎ᠠ᠂ ᠪᠤᠶᠠᠨᠲᠤ ᠬᠤᠸᠠ ᠰᠫᠣᠷᠲ ᠴᠣᠭᠴᠠᠯᠠᠪᠤᠷᠢ ᠶᠢᠨ ᠡᠰᠡᠷᠭᠦ ᠲᠠᠯ᠎ᠠ ᠳᠤ ᠪᠠᠷᠢᠭᠳᠠᠭᠰᠠᠨ ᠬᠥᠯ ᠪᠥᠮᠪᠥᠭᠡ ᠶᠢᠨ ᠲᠠᠯᠠᠪᠠᠢ ᠶᠢ ᠨᠡᠭᠡᠭᠡᠬᠦ ᠶᠣᠰᠣᠯᠠᠯ ᠥᠨᠥᠳᠥᠷ ᠪᠣᠯᠤᠯ᠎ᠠ᠃
ᠡᠨᠡᠬᠦ ᠬᠥᠯ ᠪᠥᠮᠪᠥᠭᠡ ᠶᠢᠨ ᠲᠠᠯᠠᠪᠠᠢ ᠨᠢ 115X85 ᠮᠸᠲᠷ ᠬᠡᠮᠵᠢᠶ᠎ᠡ ᠲᠡᠢ᠂ ᠣᠯᠠᠨ ᠤᠯᠤᠰ ᠤᠨA ᠵᠡᠷᠭᠡᠯᠡᠯ ᠦᠨ ᠲᠡᠮᠡᠴᠡᠭᠡᠨ ᠶᠠᠪᠤᠭᠤᠯᠬᠤ ᠪᠣᠯᠤᠮᠵᠢ ᠲᠠᠢ ᠶᠤᠮ ᠃ ᠲᠠᠯᠠᠪᠠᠢ ᠶᠢ ᠨᠡᠭᠡᠭᠡᠬᠦ ᠶᠣᠰᠣᠯᠠᠯ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠣᠷᠣᠯᠴᠠᠵᠤ᠂ ᠲᠠᠮᠢᠷᠴᠢᠳ ᠲᠠᠢ ᠠᠭᠤᠯᠵᠠᠨ ᠪᠠᠶᠠᠷ ᠬᠦᠷᠭᠡᠯ᠎ᠡ᠃ ᠮᠣᠩᠭᠣᠯ ᠤᠯᠤᠰ ᠲᠤ ᠬᠦᠷᠦᠯᠴᠡᠨ ᠢᠷᠡᠭᠰᠡᠨ ᠣᠯᠠᠨ ᠤᠯᠤᠰ ᠤᠨ ᠬᠥᠯ ᠪᠥᠮᠪᠥᠭᠡ ᠶᠢᠨ  ᠬᠤᠯᠪᠤᠭᠠᠨ ᠍ ᠤ ᠶᠡᠷᠦᠩᠬᠡᠶᠢᠯᠡᠭᠴᠢ ᠵᠢᠶᠠᠨᠢ ᠢᠨᠹᠠᠨᠲ᠋ᠢᠨᠤ᠋᠂ ᠮᠣᠩᠭᠣᠯ ᠤᠨ ᠬᠥᠯ ᠪᠥᠮᠪᠥᠭᠡ ᠶᠢᠨ ᠬᠣᠯᠪᠣᠭᠠᠨ ᠤ ᠶᠡᠷᠦᠩᠬᠡᠶᠢᠯᠡᠭᠴᠢ ᠠ᠊∙ᠭᠠᠩᠪᠠᠭᠠᠲᠤᠷ ᠨᠠᠷ ᠲᠠᠢ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠶᠠᠷᠢᠯᠴᠠᠵᠤ᠂ ︽ᠠᠽᠢᠶ᠎ᠠ ᠶᠢᠨ ᠬᠡᠦᠬᠡᠳ ᠦᠳ-2020︾᠂  ︽ᠵᠡᠭᠦᠨ ᠠᠽᠢᠶ᠎ᠠ ᠶᠢᠨ ᠵᠠᠯᠠᠭᠤᠴᠤᠳ ᠤᠨ 2023 ᠣᠨ ᠤ ᠨᠠᠭᠠᠳᠤᠮ︾ ᠍ ᠤᠨ ᠪᠡᠯᠡᠳᠬᠡᠯ ᠠᠵᠢᠯ ᠲᠠᠢ ᠲᠠᠨᠢᠯᠴᠠᠯ᠎ᠠ᠃

ᠰᠡᠳᠬᠢᠭᠳᠡᠯ ᠦᠯᠡᠳᠡᠭᠡᠬᠦ