ᠮᠣᠩᠭᠣᠯ ᠤᠨ ᠪᠠᠭ ᠬᠠᠭᠠᠰ ᠰᠢᠭᠰᠢᠭᠡ ᠳᠦ ᠰᠢᠯᠭᠠᠷᠠᠵᠠᠢ  | News.MN

ᠮᠣᠩᠭᠣᠯ ᠤᠨ ᠪᠠᠭ ᠬᠠᠭᠠᠰ ᠰᠢᠭᠰᠢᠭᠡ ᠳᠦ ᠰᠢᠯᠭᠠᠷᠠᠵᠠᠢ 

ᠳᠡᠯᠡᠬᠡᠢ ᠶᠢᠨ ᠡᠯᠡᠰᠦᠨ ᠦ ᠰᠫᠣᠷᠲ ᠤᠨ ᠠᠩᠬᠠᠳᠤᠭᠠᠷ ᠨᠠᠭᠠᠳᠤᠮ ᠺᠠᠲ᠋ᠠᠷ ᠤᠯᠤᠰ ᠤᠨ ᠳ᠋ᠤᠾᠠ ᠬᠤᠲᠠ ᠳᠤ ᠥᠨᠥᠳᠥᠷ ᠥᠨᠳᠥᠷᠯᠡᠨ᠎ᠡ᠃ ᠦᠨᠳᠦᠰᠦᠨ ᠦ ᠣᠯᠢᠮᠫ ᠤᠨ ᠬᠣᠷᠢᠶᠠᠳ ᠤᠨ ᠬᠣᠯᠪᠣᠭᠠᠨ ᠤ ᠢᠪᠡᠭᠡᠯ ᠳᠣᠣᠷ᠎ᠠ ᠵᠣᠬᠢᠶᠠᠭᠳᠠᠵᠤ ᠪᠤᠢ ᠡᠨᠡ ᠤᠳᠠᠭ᠎ᠠ ᠶᠢᠨ ᠨᠠᠭᠠᠳᠤᠮ ᠳᠤ ᠳᠡᠯᠡᠬᠡᠢ ᠶᠢᠨ 97 ᠤᠯᠤᠰ ᠤᠨ 1000 ᠭᠠᠷᠤᠢ ᠲᠠᠮᠢᠷᠴᠢᠳ ᠰᠫᠣᠷᠲ ᠤᠨ 14 ᠲᠥᠷᠥᠯ ᠢᠶᠡᠷ ᠬᠤᠷᠳᠤ ᠬᠦᠴᠦ᠂ ᠠᠪᠬᠠᠯᠵᠢ ᠰᠠᠮᠪᠠᠭ᠎ᠠ᠂ ᠲᠡᠰᠪᠦᠷᠢ ᠲᠡᠪᠴᠢᠶᠡᠷᠢ ᠪᠡᠨ ᠰᠣᠷᠢᠨ ᠥᠷᠢᠰᠦᠯᠳᠦᠵᠦ᠂ ᠥᠨᠥᠳᠥᠷ ᠬᠠᠭᠠᠰ ᠰᠢᠭᠰᠢᠭᠡ ᠶᠢᠨ ᠲᠣᠭᠯᠠᠯᠲᠠ ᠨᠤᠭᠤᠳ ᠪᠣᠯᠬᠤ ᠭᠡᠵᠦ ᠪᠠᠶᠢᠨ᠎ᠠ᠃
ᠲᠤᠰ ᠨᠠᠭᠠᠳᠤᠮ ᠳᠤ ᠮᠣᠩᠭᠣᠯ ᠤᠯᠤᠰ ᠢᠶᠠᠨ ᠲᠥᠯᠥᠭᠡᠯᠡᠨ 3x 3 ᠰᠠᠭᠰᠤᠨ ᠪᠥᠮᠪᠥᠭᠡ ᠶᠢᠨ ᠡᠷᠡᠭᠲᠡᠢ᠂ ᠡᠮᠡᠭᠲᠡᠢ ᠪᠠᠭ ᠤᠳ ᠣᠷᠣᠯᠴᠠᠵᠤ ᠪᠠᠶᠢᠭ᠎ᠠ ᠪᠥᠭᠡᠳ ᠥᠴᠥᠭᠡᠳᠦᠷ ᠮᠠᠨ ᠤ ᠡᠷᠡᠭᠲᠡᠢ ᠪᠠᠭ ᠦᠺᠷᠠᠶᠢᠨ ᠤ ᠪᠠᠭ ᠲᠤ 15᠄17 ᠍ ᠪᠠᠷ᠂ ᠡᠮᠡᠭᠲᠡᠢ ᠪᠠᠭ ᠨᠢᠳᠧᠷᠯᠠᠨ᠋ᠳ᠋  ᠤᠨ ᠪᠠᠭ ᠲᠤ 05᠄21 ᠣᠨᠣᠭ᠎ᠠ ᠪᠠᠷ ᠲᠤᠰ ᠲᠤᠰ ᠬᠣᠵᠢᠭᠳᠠᠵᠠᠢ᠃ ᠢᠩᠭᠢᠭᠰᠡᠨ ᠢᠶᠡᠷ ᠡᠮᠡᠭᠲᠡᠶᠢᠴᠦᠳ ᠦᠨ ᠪᠠᠭ ᠲᠡᠮᠡᠴᠡᠭᠡᠨ ᠢᠶᠡᠨ ᠳᠠᠭᠤᠰᠬᠠᠵᠤ ᠪᠠᠶᠢᠭ᠎ᠠ ᠪᠣᠯ ᠡᠷᠡᠭᠲᠡᠶᠢᠴᠦᠳ ᠦᠨ ᠪᠠᠭ ᠬᠠᠭᠠᠰ ᠰᠢᠭᠰᠢᠭᠡ ᠳᠦ ᠦᠯᠡᠳᠡᠵᠦ᠂ ᠬᠢᠲᠠᠳ ᠤᠨ ᠪᠠᠭ ᠲᠠᠢ ᠲᠣᠭᠯᠠᠬᠤ ᠪᠠᠷ ᠪᠣᠯᠵᠠᠢ᠃

ᠰᠡᠳᠬᠢᠭᠳᠡᠯ ᠦᠯᠡᠳᠡᠭᠡᠬᠦ