ᠪ∙ᠨᠠᠨᠳᠢᠨᠴᠡᠴᠡᠭ ᠦᠨ ᠨᠡᠷᠡᠮᠵᠢᠲᠦ ᠤᠷᠤᠯᠳᠤᠭᠠᠨ ᠪᠣᠯᠤᠨ᠎ᠠ  | News.MN

ᠪ∙ᠨᠠᠨᠳᠢᠨᠴᠡᠴᠡᠭ ᠦᠨ ᠨᠡᠷᠡᠮᠵᠢᠲᠦ ᠤᠷᠤᠯᠳᠤᠭᠠᠨ ᠪᠣᠯᠤᠨ᠎ᠠ 

ᠮᠣᠩᠭᠣᠯ ᠤᠨ ᠡᠰᠲᠷᠠᠳ᠋ ᠍ ᠤᠨ ᠨᠡᠷᠡᠲᠦ ᠳᠠᠭᠤᠴᠢᠨ᠂ ᠮᠣᠩᠭᠣᠯ ᠤᠯᠤᠰ ᠤᠨ ᠰᠤᠶᠤᠯ ᠤᠨ ᠲᠡᠷᠢᠭᠦᠨ ᠦ ᠠᠵᠢᠯᠲᠠᠨ ᠪ∙ᠨᠠᠨᠳᠢᠨᠴᠡᠴᠡᠭ ᠦᠨ ᠨᠡᠷᠡᠮᠵᠢᠲᠦ ︽ᠡᠰᠲᠷᠠᠳ᠋  ᠤᠨ ᠳᠠᠭᠤᠤ ᠳᠠᠭᠤᠯᠠᠭᠠᠴᠢᠳ ᠤᠨ ᠠᠶᠢᠮᠠᠭ ᠤᠨ ᠤᠷᠤᠯᠳᠤᠭᠠᠨ︾  ᠢ ᠡᠨᠡ ᠰᠠᠷ᠎ᠠ ᠶᠢᠨ 18 ᠳᠦ ᠳᠤᠮᠳᠠᠭᠤᠪᠢ ᠠᠶᠢᠮᠠᠭ ᠤᠨ ᠦᠨᠳᠦᠷᠰᠢᠯᠢ ᠰᠤᠮᠤᠨ ᠳᠤ ᠵᠣᠬᠢᠶᠠᠨ ᠪᠠᠶᠢᠭᠤᠯᠤᠨ᠎ᠠ᠃ ᠲᠤᠰ ᠤᠷᠤᠯᠳᠤᠭᠠᠨ ᠢ ᠦᠨᠳᠦᠷᠰᠢᠯᠢ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠰᠤᠶᠤᠯ ᠤᠨ ᠲᠥᠪ᠂ ᠰᠤᠮᠤ ᠶᠢᠨ ᠠᠬᠠᠮᠠᠳ ᠤᠨ ᠬᠣᠷᠢᠶᠠᠨ ᠠᠴᠠ ᠬᠠᠮᠲᠤᠷᠠᠨ ᠵᠣᠬᠢᠶᠠᠨ ᠪᠠᠶᠢᠭᠤᠯᠵᠤ ᠪᠠᠶᠢᠭ᠎ᠠ ᠪᠠ ᠨᠢᠭᠡᠳᠦᠭᠡᠷ ᠪᠠᠭ ᠤᠨ ᠮᠠᠯᠴᠢᠨ ᠮ∙ᠪᠠᠲᠤᠯᠠᠬᠤ ᠶᠢᠨ ᠭᠡᠷ ᠪᠦᠯᠢ ᠢᠪᠡᠭᠡᠨ ᠲᠡᠳᠬᠦᠵᠦ ᠪᠠᠶᠢᠭ᠎ᠠ ᠶᠤᠮ ᠃
ᠡᠨᠡᠬᠦ ᠤᠷᠤᠯᠳᠤᠭᠠᠨ ᠢ ᠮᠣᠩᠭᠣᠯ ᠤᠨ ᠡᠰᠲᠷᠠᠳ᠋ ᠍ ᠤᠨ ᠠᠯᠲᠠᠨ ᠦᠶ᠎ᠡ ᠶᠢᠨ ᠬᠢᠨ ᠦ ᠲᠥᠯᠥᠭᠡᠯᠡᠯ ᠪᠣᠯᠤᠭᠰᠠᠨ ᠳᠠᠭᠤᠴᠢᠨ ᠪ∙ᠨᠠᠨᠳᠢᠨᠴᠡᠴᠡᠭ ᠦᠨ ᠤᠷᠠᠨ ᠪᠦᠲᠦᠭᠡᠯ ᠢ ᠣᠯᠠᠨ ᠨᠡᠶᠢᠲᠡ ᠳᠦ ᠲᠠᠨᠢᠭᠤᠯᠬᠤ᠂ ᠡᠰᠲᠷᠠᠳ᠋  ᠤᠨ  ᠳᠠᠭᠤᠤ ᠶᠢᠨ ᠣᠷᠭᠢᠯ ᠦᠶ᠎ᠡ ᠶᠢᠨ ᠰᠢᠯᠢᠳᠡᠭ ᠪᠦᠲᠦᠭᠡᠯ ᠦᠳ ᠢ ᠰᠤᠷᠲᠠᠯᠴᠢᠯᠠᠬᠤ ᠵᠣᠷᠢᠯᠭ᠎ᠠ ᠪᠠᠷ ᠬᠣᠶᠠᠷ ᠦᠶ᠎ᠡ ᠱᠠᠲᠤ ᠲᠠᠢ ᠪᠠᠷ ᠶᠠᠪᠤᠭᠤᠯᠬᠤ ᠪᠠᠷ ᠲᠥᠯᠥᠪᠯᠡᠵᠡᠢ᠃ ᠨᠢᠭᠡᠳᠦᠭᠡᠷ ᠱᠠᠲᠤᠨ ᠳᠤ ᠥᠪᠡᠷ ᠦᠨ ᠮᠡᠳᠡᠬᠦ ᠡᠰᠲᠷᠠᠳ᠋ ᠍ ᠤᠨ  ᠳᠠᠭᠤᠤ ᠪᠠᠨ ᠳᠠᠭᠤᠯᠠᠬᠤ ᠪᠠ ᠬᠣᠶᠠᠳᠤᠭᠠᠷ ᠱᠠᠲᠤᠨ ᠳᠤ ᠪᠠᠶᠠᠩᠮᠣᠩᠭᠣᠯ᠂ ᠰᠤᠶᠤᠯ-ᠡᠷᠳᠡᠨᠢ ᠬᠠᠮᠲᠤᠯᠢᠭ ᠤᠨ 1960-1970 ᠣᠨ ᠤ ᠡᠰᠲᠷᠠᠳ᠋ ᠍ ᠤᠨ ᠳᠠᠭᠤᠤ ᠠᠴᠠ ᠰᠣᠩᠭᠣᠨ ᠳᠠᠭᠤᠯᠠᠬᠤ ᠶᠤᠮ᠃

ᠰᠡᠳᠬᠢᠭᠳᠡᠯ ᠦᠯᠡᠳᠡᠭᠡᠬᠦ