ᠨ∙ᠵᠠᠩᠴᠠᠨᠨᠣᠷᠪᠤ ᠶᠢᠨ ᠬᠥᠯᠲᠡᠢ ᠴᠠᠶᠢᠯᠠᠯᠭ᠎ᠠ  | News.MN

ᠨ∙ᠵᠠᠩᠴᠠᠨᠨᠣᠷᠪᠤ ᠶᠢᠨ ᠬᠥᠯᠲᠡᠢ ᠴᠠᠶᠢᠯᠠᠯᠭ᠎ᠠ 

ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠲᠥᠷᠥ ᠶᠢᠨ ᠬᠣᠱᠣᠢ ᠱᠠᠩᠨᠠᠯᠲᠤ᠂ ᠠᠷᠠᠳ ᠤᠨ ᠵᠦᠴᠦᠭᠡᠴᠢᠨ ᠨᠠᠴᠤᠭ ᠤᠨ ᠵᠠᠩᠴᠠᠨᠨᠣᠷᠪᠤ ᠶᠢᠨ ᠪᠠᠭᠠᠲᠤᠷ ᠴᠣᠯᠠᠨ ᠤ ᠴᠠᠶᠢᠯᠠᠯᠭ᠎ᠠ ᠠᠷᠪᠠᠳᠤᠭᠠᠷ ᠰᠠᠷ᠎ᠠ ᠶᠢᠨ 12 ᠍ ᠳᠦ ᠱᠠᠩᠷᠢᠯᠠ ᠵᠣᠴᠢᠳ ᠪᠠᠭᠤᠳᠠᠯ ᠤᠨ ᠶᠡᠬᠡ ᠲᠠᠩᠬᠢᠮ ᠳᠤ ᠪᠣᠯᠵᠠᠢ᠃ ᠮᠣᠩᠭᠣᠯ ᠭᠡᠷ ᠦᠨ  ᠪᠠᠭᠤᠷᠢ ᠬᠡᠯᠪᠡᠷᠢ ᠲᠡᠢ ᠲᠠᠶᠢᠰᠠ ᠵᠠᠰᠠᠭᠰᠠᠨ ᠲᠠᠩᠬᠢᠮ ᠳᠤ ᠮᠣᠩᠭᠣᠯ ᠤᠨ ᠤᠯᠤᠰ ᠲᠥᠷᠥ ᠶᠢᠨ ᠬᠦᠷᠢᠶᠡᠨ ᠦ ᠬᠢᠨ ᠡᠴᠡ ᠭᠠᠳᠠᠨ᠎ᠠ ᠤᠷᠠᠯᠢᠭ ᠰᠤᠶᠤᠯ ᠤᠨ ᠤᠷᠠᠨ ᠪᠦᠲᠦᠭᠡᠯᠴᠢᠳ᠂ ᠵᠣᠬᠢᠶᠠᠯᠴᠢ᠂ ᠢᠷᠠᠭᠤ ᠨᠠᠶᠢᠷᠠᠭᠴᠢᠳ᠂ ᠰᠫᠣᠷᠲ ᠤᠨ ᠬᠢᠨ᠂  ᠪᠢᠽᠢᠨᠧᠰ ᠦᠨ ᠠᠺᠤᠯ ᠤᠳ ᠬᠦᠷᠦᠯᠴᠡᠨ ᠢᠷᠡᠵᠦ᠂ ᠣᠯᠠᠨ ᠤ ᠬᠥᠯ ᠳᠦ ᠳᠠᠷᠤᠭᠳᠠᠭᠰᠠᠨ ᠰᠤᠷᠠᠭ ᠲᠠᠢ᠃  ᠲᠡᠭᠦᠨ ᠦ ᠴᠠᠶᠢᠯᠠᠯᠭ᠎ᠠ ᠶᠢᠨ ᠲᠠᠯ᠎ᠠ ᠪᠠᠷ ᠢᠷᠠᠭᠤ ᠨᠠᠶᠢᠷᠠᠭᠴᠢ ᠦ᠊∙ᠬᠦᠷᠡᠯᠪᠠᠭᠠᠲᠤᠷ ᠄ ᠮᠣᠩᠭᠣᠯ ᠤᠨ ᠣᠶᠤᠨ ᠤ ᠰᠣᠷ ᠤᠳ᠂ ᠰᠡᠳᠬᠢᠭᠴᠢᠳ᠂ ᠪᠦᠲᠦᠭᠡᠭᠴᠢᠳ ᠦᠨ ᠴᠤᠭᠯᠠᠷᠠᠯᠲᠠ ᠭᠡᠯᠲᠡᠢ ᠡᠨᠡ ᠴᠠᠶᠢᠯᠠᠯᠭ᠎ᠠ ᠨᠡᠷ᠎ᠡ ᠲᠡᠢ ᠳᠠᠶᠢᠯᠠᠯᠭ᠎ᠠ ᠪᠤᠶᠤ ᠨᠠᠶᠢᠷ ᠤᠨ ᠵᠣᠬᠢᠶᠠᠨ ᠪᠠᠶᠢᠭᠤᠯᠤᠯᠲᠠ ᠪᠠᠰᠠ ᠰᠣᠨᠢᠨ᠃ ᠰᠡᠭᠦᠯ ᠦᠨ ᠦᠶ᠎ᠡ ᠳᠦ ᠴᠣᠯᠠ ᠡᠨᠡ ᠲᠡᠷᠡ ᠶᠢᠨ ᠨᠠᠶᠢᠷ ᠭᠡᠭᠴᠢ ᠨᠢᠭᠡ ᠪᠣᠯ ᠮᠠᠭᠲᠠᠭᠠᠯ ᠤᠨ ᠬᠤᠷᠠᠯ᠂ ᠡᠰᠡᠪᠡᠯ ᠴᠢᠬᠢ ᠳᠦᠯᠡᠶᠢᠷᠡᠮ᠎ᠡ ᠨᠦᠷᠭᠢᠯᠡᠬᠦ ᠺᠣᠨᠼᠧᠷᠲ ᠮᠠᠶ᠋ᠢᠭᠲᠠᠢ ᠪᠣᠯᠴᠢᠬᠠᠭᠠᠳ ᠪᠠᠶᠢᠭᠰᠠᠨ ᠢ ᠲᠡᠷᠡ ᠪᠠᠰᠠ ᠡᠪᠳᠡᠬᠦ ᠶᠢ ᠬᠦᠰᠡᠭᠰᠡᠨ ᠭᠡᠵᠡᠢ᠃
ᠨ∙ᠵᠠᠩᠴᠠᠨᠨᠣᠷᠪᠤ ᠭᠤᠸᠠᠢ ᠴᠠᠶᠢᠯᠠᠯᠭ᠎ᠠ ᠳᠤ ᠪᠠᠨ ᠤᠷᠢᠬᠤ 700 ᠭᠠᠷᠤᠢ ᠬᠦᠮᠦᠨ ᠦ ᠨᠡᠷ᠎ᠡ ᠭᠠᠷᠭᠠᠵᠤ᠂ 400 ᠭᠠᠷᠤᠢ ᠬᠦᠮᠦᠨ ᠳᠦ ᠤᠷᠢᠯᠭ᠎ᠠ ᠬᠦᠷᠭᠡᠭᠦᠯᠦᠭᠰᠡᠨ ᠪᠠᠶᠢᠨ᠎ᠠ᠃ ᠮᠥᠨ ᠲᠡᠷᠡᠪᠡᠷ ᠴᠠᠶᠢᠯᠠᠯᠭ᠎ᠠ ᠳᠤ ᠪᠠᠨ ᠬᠦᠷᠦᠯᠴᠡᠨ ᠢᠷᠡᠭᠰᠡᠨ ᠵᠣᠴᠢᠳ ᠤᠨ ᠢᠶᠠᠨ ᠲᠣᠭ᠎ᠠ ᠪᠠᠷ ︽ᠮᠢᠨᠦ ᠯᠠ ᠬᠠᠷᠭᠤᠢ︾ ᠨᠣᠮ ᠢᠶᠠᠨ ᠬᠡᠪᠯᠡᠭᠦᠯᠵᠦ᠂ ᠪᠡᠯᠡᠭᠯᠡᠭᠰᠡᠨ ᠭᠡᠨ᠎ᠡ᠃

ᠰᠡᠳᠬᠢᠭᠳᠡᠯ ᠦᠯᠡᠳᠡᠭᠡᠬᠦ