ᠠᠵᠠᠵᠠᠶᠠᠭ᠎ᠠ ᠦᠨᠳᠦᠰᠦᠨ ᠦ ᠬᠤᠪᠴᠠᠰᠤ᠂ ᠠᠪᠢᠶᠠᠰ ᠢᠶᠠᠷ ᠢᠶᠠᠨ ᠲᠡᠷᠢᠭᠦᠯᠡᠵᠡᠢ  | News.MN

 ᠠᠵᠠᠵᠠᠶᠠᠭ᠎ᠠ ᠦᠨᠳᠦᠰᠦᠨ ᠦ ᠬᠤᠪᠴᠠᠰᠤ᠂ ᠠᠪᠢᠶᠠᠰ ᠢᠶᠠᠷ ᠢᠶᠠᠨ ᠲᠡᠷᠢᠭᠦᠯᠡᠵᠡᠢ 

ᠮᠢᠰᠰ ᠼ∙ᠠᠵᠠᠵᠠᠶᠠᠭ᠎ᠠ ︽ᠡᠬᠡ ᠳᠡᠯᠡᠬᠡᠢ ᠶᠢᠨ ᠮᠢᠰᠰ︾ ᠭᠣᠸ᠎ᠠ ᠪᠦᠰᠡᠭᠦᠢ ᠶᠢᠨ ᠲᠡᠮᠡᠴᠡᠭᠡᠨ ᠳᠦ ᠤᠷᠤᠯᠴᠠᠬᠤ ᠦᠨᠳᠦᠰᠦᠨ ᠦ ᠢᠯᠠᠭᠴᠢ ᠪᠠᠷ ᠲᠣᠳᠣᠷᠠᠵᠤ᠂ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠵᠤ ᠪᠠᠶᠢᠭ᠎ᠠ ᠪᠢᠯᠡ᠃ ᠲᠡᠷᠡᠪᠡᠷ ᠦᠨᠳᠦᠰᠦᠨ ᠦ ᠬᠤᠪᠴᠠᠰᠤᠨ ᠤ ᠪᠣᠯᠤᠨ ᠠᠪᠢᠶᠠᠰ ᠤᠨ ᠦᠵᠡᠭᠦᠯᠪᠦᠷᠢ ᠪᠡᠷ ᠢᠶᠡᠨ ᠠᠯᠲᠠᠨ ᠮᠧᠳᠠᠯ  ᠬᠦᠷᠲᠡᠭᠡᠳ ᠪᠠᠶᠢᠨ᠎ᠠ᠃
ᠠᠷᠪᠠᠳᠤᠭᠠᠷ ᠰᠠᠷ᠎ᠠ ᠶᠢᠨ  ᠨᠢᠭᠡᠨ ᠡᠴᠡ ᠹᠢᠯᠢᠫᠢᠨ ᠤᠯᠤᠰ ᠲᠤ ᠵᠣᠬᠢᠶᠠᠨ ᠪᠠᠶᠢᠭᠤᠯᠤᠭᠳᠠᠬᠤ Miss Eart-2019 ᠲᠡᠮᠡᠴᠡᠭᠡᠨ ᠳᠦ 90 ᠭᠠᠷᠤᠢ ᠣᠷᠣᠨ ᠤ ᠦᠵᠡᠰᠬᠦᠯᠡᠩᠲᠦ ᠪᠦᠰᠡᠭᠦᠶᠢᠴᠦᠳ ᠲᠡᠢ ᠪᠦᠲᠦᠨ ᠰᠠᠷ᠎ᠠ ᠶᠢᠨ ᠲᠤᠷᠰᠢ ᠠᠪᠢᠶᠠᠰ ᠪᠢᠯᠢᠭ᠂ ᠮᠡᠳᠡᠯᠭᠡ ᠴᠢᠳᠠᠪᠤᠷᠢ᠂ ᠭᠣᠸ᠎ᠠ ᠦᠵᠡᠰᠬᠦᠯᠡᠩ ᠢᠶᠡᠷ ᠢᠶᠡᠨ ᠤᠷᠤᠯᠳᠤᠵᠤ᠂ ᠲᠡᠷᠢᠭᠦᠨ ᠲᠢᠲᠢᠮ ᠦᠨ ᠲᠥᠯᠥᠭᠡ ᠦᠷᠢᠰᠦᠯᠳᠦᠬᠦ ᠶᠤᠮ᠃ ᠼ∙ᠠᠵᠠᠵᠠᠶᠠᠭ᠎ᠠ ᠡᠨᠡ ᠤᠳᠠᠭ᠎ᠠ ᠳᠡᠯᠡᠬᠡᠢ ᠶᠢᠨ ᠲᠣᠫ ᠳᠥᠷᠪᠡᠨ ᠮᠢᠰ ᠤᠨ ᠲᠡᠮᠡᠴᠡᠭᠡᠨ ᠦ ᠨᠢᠭᠡ ᠪᠣᠯᠬᠤ ︽ᠡᠬᠡ ᠳᠡᠯᠡᠬᠡᠢ ᠶᠢᠨ ᠮᠢᠰᠰ︾ ᠲᠡᠮᠡᠴᠡᠭᠡᠨ ᠳᠦ ᠡᠬᠡ ᠣᠷᠣᠨ ᠢᠶᠠᠨ ᠲᠥᠯᠥᠭᠡᠯᠡᠨ ᠤᠷᠤᠯᠴᠠᠬᠤ ᠪᠠᠷ ᠪᠤᠯᠤᠯ᠎ᠠ᠃ ᠲᠡᠭᠦᠨ ᠢ ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠯ∙ᠴᠠᠮᠢᠨᠴᠢᠯᠠᠭᠤᠨ ᠤ ᠠᠴᠢ ᠥᠬᠢᠨ᠂ ᠳᠠᠭᠤᠴᠢᠨ ᠳ∙ᠰᠢᠷᠡᠮᠦᠨᠲᠤᠶᠠᠭ᠎ᠠ ᠶᠢᠨ ᠥᠬᠢᠨ ᠭᠡᠳᠡᠭ ᠢᠶᠡᠷ ᠨᠢ ᠬᠦᠮᠦᠰ ᠰᠠᠶᠢᠨ ᠲᠠᠨᠢᠨ᠎ᠠ᠃

ᠰᠡᠳᠬᠢᠭᠳᠡᠯ ᠦᠯᠡᠳᠡᠭᠡᠬᠦ