ᠶᠠᠮᠠᠷ ᠡᠪᠦᠯ ᠪᠣᠯᠬᠤ ᠶᠢ ᠤᠯᠠᠮᠵᠢᠯᠠᠯᠲᠤ ᠠᠷᠭ᠎ᠠ ᠪᠠᠷ ᠰᠢᠨᠵᠢᠯ᠎ᠡ  | News.MN

ᠶᠠᠮᠠᠷ ᠡᠪᠦᠯ ᠪᠣᠯᠬᠤ ᠶᠢ ᠤᠯᠠᠮᠵᠢᠯᠠᠯᠲᠤ ᠠᠷᠭ᠎ᠠ ᠪᠠᠷ ᠰᠢᠨᠵᠢᠯ᠎ᠡ 

ᠨᠠᠮᠤᠷ ᠤᠨ ᠳᠤᠮᠳᠠ ᠰᠠᠷ᠎ᠠ ᠶᠢᠨ ᠰᠢᠨ᠎ᠡ ᠶᠢᠨ 15 ᠍ ᠤ ᠪᠢᠯᠢᠭᠲᠦ ᠰᠠᠶᠢᠨ ᠡᠳᠦᠷ ᠡᠨᠡ ᠰᠠᠷ᠎ᠠ ᠶᠢᠨ 13 ᠍ ᠳᠦ ᠲᠣᠬᠢᠶᠠᠵᠤ᠂ ᠡᠨᠡ ᠡᠳᠦᠷ ᠮᠠᠯᠴᠢᠨ ᠲᠸᠯᠸᠢᠰ ᠦᠨ ᠰᠡᠳᠬᠦᠯᠴᠢ᠂ ᠴᠠᠭ ᠠᠭᠤᠷᠴᠢ ᠳ∙ᠱᠠᠭᠳᠤᠷᠰᠦ᠋ᠷᠦᠩ᠂ ᠳᠤᠮᠳᠠᠭᠤᠪᠢ ᠠᠶᠢᠮᠠᠭ ᠤᠨ ᠭᠣᠪᠢ-ᠤᠭᠲᠤᠭᠠᠯ᠂ ᠴᠠᠭᠠᠨᠳᠡᠯᠭᠡᠷ᠂ ᠪᠠᠶᠠᠨᠵᠢᠷᠭᠠᠯᠠᠩ ᠪᠣᠯᠤᠨ ᠲᠥᠪ᠂  ᠭᠤᠪᠢᠰᠦ᠋ᠮᠪᠤᠷ ᠠᠶᠢᠮᠠᠭ ᠤᠨ ᠵᠠᠷᠢᠮ ᠰᠤᠮᠤ ᠶᠢᠨ ᠮᠠᠯᠴᠢᠳ᠂ ᠤᠳᠤᠷᠢᠳᠬᠤ ᠠᠵᠢᠯᠲᠠᠨ ᠨᠤᠭᠤᠳ᠂ ᠭᠣᠪᠢ  ᠤᠭᠲᠤᠭᠠᠯ ᠰᠤᠮᠤ ᠶᠢᠨ ᠪᠠᠭ᠎ᠠ ᠵᠢᠯᠠᠭ᠎ᠠ ᠪᠣᠯᠤᠨ ᠬᠠᠷᠠᠭᠠᠲᠤ ᠶᠢᠨ ᠠᠭᠤᠯᠠᠨ ᠳᠡᠭᠡᠷ᠎ᠡ ᠭᠠᠷᠴᠤ᠂ ᠲᠩᠷᠢ ᠬᠠᠩᠭᠠᠢ  ᠪᠠᠨ ᠰᠢᠨᠵᠢᠨ ᠲᠣᠯᠢᠳᠠᠵᠠᠢ᠃ ᠨᠤᠲᠤᠭ ᠤᠨ ᠮᠠᠯᠴᠢᠳ ᠲᠤᠰ ᠠᠶᠢᠮᠠᠭ ᠤᠨ ᠭᠣᠪᠢ- ᠤᠭᠲᠤᠭᠠᠯ ᠰᠤᠮᠤ ᠶᠢᠨ ᠶᠡᠬᠡ ᠤᠭᠲᠤᠭᠠᠯ᠂ ᠪᠠᠭ᠎ᠠ ᠵᠢᠯᠠᠭ᠎ᠠ᠂ ᠬᠠᠷᠠᠭᠠᠲᠤ ᠶᠢᠨ ᠠᠭᠤᠯᠠᠨ ᠳᠡᠭᠡᠷ᠎ᠡ ᠨᠠᠮᠤᠷ ᠤᠨ ᠳᠤᠮᠳᠠ ᠰᠠᠷ᠎ᠠ ᠶᠢᠨ ᠰᠢᠨ᠎ᠡ ᠶᠢᠨ 15 ᠳᠦ ᠭᠠᠷᠴᠤ᠂ ᠲᠩᠷᠢ ᠶᠢᠨ ᠪᠠᠶᠢᠳᠠᠯ ᠢ ᠠᠵᠢᠨ᠂ ᠢᠷᠡᠬᠦ ᠡᠪᠦᠯ ᠶᠠᠮᠠᠷ ᠪᠣᠯᠬᠤ ᠶᠢ ᠰᠢᠨᠵᠢᠳᠡᠭ ᠡᠨᠡ ᠤᠯᠠᠮᠵᠢᠯᠠᠯ ᠡᠷᠲᠡ ᠦᠶᠡᠰ ᠢᠷᠡᠭᠰᠡᠨ ᠭᠡᠳᠡᠭ᠃ ᠬᠠᠷᠢᠨ ᠠᠶᠢᠮᠠᠭ ᠤᠨ ᠮᠠᠯᠴᠢᠳ ᠠᠭᠤᠯᠠᠨ ᠳᠡᠭᠡᠷ᠎ᠡ ᠭᠠᠷᠤᠭᠰᠠᠨ ᠮᠠᠯᠴᠢᠳ ᠤᠨ ᠢᠶᠠᠨ ᠠᠮᠠ ᠶᠢ ᠳᠠᠭᠠᠨ ᠬᠠᠮᠢᠭ᠎ᠠ᠂ ᠬᠡᠷᠬᠢᠨ ᠡᠪᠦᠯᠵᠢᠬᠦ ᠪᠡᠨ ᠰᠢᠢᠳᠳᠡᠭ ᠪᠠᠶᠢᠨ᠎ᠠ᠃
ᠠᠭᠤᠯᠠᠨ ᠳᠡᠭᠡᠷ᠎ᠡ ᠭᠠᠷᠤᠭᠰᠠᠨ ᠬᠦᠮᠦᠰ ᠦᠨ ᠠᠵᠢᠭᠯᠠᠯᠲᠠ ᠪᠠᠷ ᠢᠷᠡᠬᠦ ᠡᠪᠦᠯ ᠰᠠᠯᠬᠢ ᠶᠡᠬᠡ ᠲᠡᠢ᠂ ᠬᠦᠢᠲᠡᠨ᠂ ᠴᠠᠰᠤ ᠲᠠᠢ ᠡᠪᠦᠯ ᠪᠣᠯᠬᠤ ᠭᠡᠨ᠎ᠡ᠃ ᠭᠡᠬᠦ ᠳᠦ ᠪᠡᠨ  ᠶᠡᠬᠡ ᠴᠠᠰᠤ ᠣᠷᠣᠬᠤ ᠦᠭᠡᠢ ᠮᠠᠭᠠᠳᠯᠠᠯ ᠲᠠᠢ ᠃ ᠵᠠᠷᠢᠮ ᠠᠵᠢᠭᠯᠠᠭᠴᠢᠳ 2007-2008 ᠣᠨ ᠤ ᠡᠪᠦᠯ ᠲᠡᠢ ᠣᠶᠢᠷᠠᠯᠴᠠᠭ᠎ᠠ ᠡᠪᠦᠯ ᠪᠠᠶᠢᠬᠤ ᠪᠣᠯᠪᠠ ᠤᠤ ᠭᠡᠵᠦ ᠳ᠋ᠦᠩᠨᠡᠵᠡᠢ᠃ ᠮᠥᠨ ᠬᠠᠪᠤᠷ ᠬᠠᠪᠰᠠᠷᠭ᠎ᠠ ᠶᠡᠬᠡ ᠲᠡᠢ᠂ ᠮᠠᠯ ᠤᠨ ᠡᠪᠡᠳᠴᠢᠨ ᠡᠮᠭᠡᠭ ᠭᠠᠷᠬᠤ ᠮᠠᠭᠠᠳᠯᠠᠯ ᠲᠠᠢ᠂ ᠤᠷᠢᠳᠴᠢᠯᠠᠨ ᠰᠡᠷᠭᠡᠶᠢᠯᠡᠬᠦ ᠬᠡᠷᠡᠭᠲᠡᠢ ᠭᠡᠰᠡᠨ ᠵᠦᠪᠯᠡᠯᠭᠡ ᠶᠢ ᠬᠡᠯᠡᠭᠰᠡᠨ ᠪᠠᠶᠢᠨ᠎ᠠ᠃ ᠳᠡᠭᠡᠷᠡᠬᠢ ᠳ᠋ᠦᠩᠨᠡᠯᠲᠡ ᠶᠢ ᠠᠶᠢᠮᠠᠭ ᠤᠨ ᠤᠰᠤ ᠴᠠᠭ ᠠᠭᠤᠷ ᠤᠷᠴᠢᠨ ᠤ ᠰᠢᠨᠵᠢᠯᠡᠭᠡᠨ ‍ᠣ ᠬᠦᠷᠢᠶᠡᠯᠡᠩ᠍ ᠠᠴᠠ ᠭᠠᠷᠭᠠᠭᠰᠠᠨ 2020 ᠣᠨ ᠤ ᠬᠣᠶᠠᠳᠤᠭᠠᠷ ᠰᠠᠷ᠎ᠠ ᠬᠦᠷᠲᠡᠯᠡᠬᠢ ᠴᠠᠭ ᠠᠭᠠᠷ ᠤᠨ ᠤᠷᠢᠳᠴᠢᠯᠠᠭᠰᠠᠨ ᠮᠡᠳᠡᠭᠡ ᠲᠡᠢ ᠬᠠᠷᠢᠴᠠᠭᠤᠯᠬᠤ ᠳᠤ ᠨᠢᠭᠡᠳᠦᠭᠡᠷ ᠰᠠᠷ᠎ᠠ ᠳᠤ ᠣᠯᠠᠨ ᠵᠢᠯ ᠦᠨ ᠳᠤᠮᠳᠠᠴᠢ ᠠᠴᠠ ᠠᠬᠢᠭᠤ ᠲᠤᠨᠤᠳᠠᠰᠤ ᠤᠨᠠᠬᠤ ᠪᠠ ᠪᠤᠰᠤᠳ ᠰᠠᠷ᠎ᠠ ᠳᠤ ᠳᠤᠮᠳᠠᠴᠢ ᠶᠢᠨ ᠣᠷᠴᠢᠮ ᠲᠤᠨᠤᠳᠠᠰᠤ ᠣᠷᠣᠨ᠎ᠠ ᠭᠡᠰᠡᠨ ᠲᠡᠢ ᠳᠤᠶᠢᠵᠤ ᠪᠠᠶᠢᠨ᠎ᠠ᠃ ᠬᠠᠷᠢᠨ ᠠᠭᠠᠷ ᠤᠨ ᠬᠡᠮ ᠦᠨ ᠬᠤᠪᠢ ᠳᠤ ᠴᠠᠭ ᠠᠭᠠᠷ ᠤᠨ ᠤᠷᠢᠳᠴᠢᠯᠠᠭᠰᠠᠨ ᠮᠡᠳᠡᠭᠡ ᠪᠡᠷ ᠣᠯᠠᠨ ᠵᠢᠯ ᠦᠨ ᠳᠤᠮᠳᠠᠴᠢ ᠠᠴᠠ ᠳᠤᠯᠠᠭᠠᠨ ᠡᠪᠦᠯ ᠪᠣᠯᠤᠨ᠎ᠠ ᠭᠡᠰᠡᠨ ᠪᠣᠯ ᠮᠠᠯᠴᠢᠳ ᠤᠨ ᠠᠵᠢᠭᠯᠠᠭᠰᠠᠨ ᠢᠶᠠᠷ ᠬᠦᠢᠲᠡᠨ ᠰᠠᠯᠬᠢ ᠶᠡᠬᠡ ᠲᠡᠢ ᠡᠪᠦᠯ ᠪᠣᠯᠬᠤ ᠠᠵᠡᠢ᠃

ᠰᠡᠳᠬᠢᠭᠳᠡᠯ ᠦᠯᠡᠳᠡᠭᠡᠬᠦ