ᠪᠤᠯᠠᠭᠠᠨ  ᠳᠤ 84.5 ᠮᠢᠩᠭᠠᠨ ᠲᠣᠨ ᠬᠠᠳᠤᠯᠠᠩ ᠪᠡᠯᠡᠳᠬᠡᠵᠡᠢ  | News.MN

ᠪᠤᠯᠠᠭᠠᠨ  ᠳᠤ 84.5 ᠮᠢᠩᠭᠠᠨ ᠲᠣᠨ ᠬᠠᠳᠤᠯᠠᠩ ᠪᠡᠯᠡᠳᠬᠡᠵᠡᠢ 

ᠪᠤᠯᠠᠭᠠᠨ ᠠᠶᠢᠮᠠᠭ ᠲᠤ ᠣᠳᠣ ᠶᠢᠨ ᠪᠠᠶᠢᠳᠠᠯ ᠢᠶᠠᠷ 84.5 ᠮᠢᠩᠭᠠᠨ ᠲᠣᠨ ᠪᠠᠶᠢᠭᠠᠯᠢ ᠶᠢᠨ ᠬᠠᠳᠤᠯᠠᠩ  ᠪᠡᠯᠡᠳᠭᠡᠯ᠎ᠡ ᠭᠡᠵᠦ ᠠᠶᠢᠮᠠᠭ ᠤᠨ ᠬᠦᠨᠡᠰᠦ ᠬᠥᠳᠡᠭᠡ ᠠᠵᠤ ᠠᠬᠤᠢ ᠶᠢᠨ ᠭᠠᠵᠠᠷ ᠤᠨ ᠮᠠᠯ ᠠᠵᠤ ᠠᠬᠤᠢ ᠶᠢᠨ ᠠᠯᠪᠠ  ᠮᠡᠳᠡᠭᠡᠯᠡᠯ᠎ᠡ᠃ ᠡᠨᠡ ᠵᠢᠯ ᠡᠪᠦᠯᠵᠢᠭᠦᠯᠬᠦ ᠮᠠᠯ ᠤᠨ ᠲᠣᠭ᠎ᠠ ᠲᠣᠯᠣᠭᠠᠢ ᠶᠢ ᠲᠣᠭᠠᠴᠠᠵᠤ᠂ ᠮᠠᠯᠴᠢᠳ 88.5 ᠮᠢᠩᠭᠠᠨ ᠲᠣᠨ ᠪᠠᠶᠢᠭᠠᠯᠢ ᠶᠢᠨ ᠬᠠᠳᠤᠯᠠᠩ᠂ 1.2 ᠮᠢᠩᠭᠠᠨ ᠲᠣᠨ ᠨᠣᠭᠣᠭᠠᠨ ᠲᠡᠵᠢᠭᠡᠯ᠂ 8.4 ᠮᠢᠩᠭᠠᠨ ᠲᠣᠨ ᠦᠢᠯᠡᠳᠪᠦᠷᠢ ᠶᠢᠨ ᠲᠡᠵᠢᠭᠡᠯ᠂ 1.6 ᠮᠢᠩᠭᠠᠨ ᠲᠣᠨ ᠭᠠᠷ ᠲᠡᠵᠢᠭᠡᠯ᠂ 8.2 ᠮᠢᠩᠭᠠᠨ ᠲᠣᠨ ᠳᠠᠪᠤᠰᠤ ᠬᠤᠵᠢᠷ ᠱᠡᠦ ᠪᠡᠯᠡᠳᠬᠡᠬᠦ ᠲᠥᠯᠥᠪᠯᠡᠭᠡ ᠭᠠᠷᠭᠠᠵᠤ ᠰᠤᠮᠤᠳ ᠲᠤ ᠬᠦᠷᠭᠡᠭᠦᠯᠦᠭᠰᠡᠨ ᠪᠠᠶᠢᠨ᠎ᠠ᠃ ᠵᠤᠨᠰᠢᠯᠭ᠎ᠠ ᠰᠠᠶᠢᠨ ᠪᠠᠶᠢᠭᠰᠠᠨ ᠤᠴᠢᠷ ᠬᠠᠳᠤᠯᠠᠩ ᠢ ᠲᠥᠯᠥᠪᠯᠡᠭᠰᠡᠨ ᠬᠡᠮᠵᠢᠶᠡᠨ ᠡᠴᠡ ᠳᠠᠪᠠᠭᠤᠯᠤᠨ ᠪᠡᠯᠡᠳᠬᠡᠬᠦ ᠪᠣᠯᠤᠮᠵᠢ ᠲᠠᠢ ᠭᠡᠵᠦ ᠲᠣᠭᠠᠴᠠᠭᠰᠠᠨ ᠪᠠᠶᠢᠨ᠎ᠠ᠃ ᠬᠠᠳᠤᠯᠠᠩ ᠤᠨ ᠤᠷᠭᠤᠴᠠ ᠮᠠᠭᠤ ᠪᠠᠶᠢᠭ᠎ᠠ ᠷᠠᠰᠢᠶᠠᠨ᠂  ᠭᠤᠷᠪᠠᠨᠪᠤᠯᠠᠭ᠂ ᠳᠠᠰᠢᠨᠴᠢᠯᠡᠨ ᠰᠤᠮᠤ ᠶᠢᠨ ᠮᠠᠯᠴᠢᠳ ᠤᠨ ᠬᠡᠷᠡᠭᠴᠡᠭᠡᠲᠦ ᠡᠪᠡᠰᠦ ᠶᠢ ᠬᠠᠩᠭᠠᠯ᠂ ᠲᠡᠰᠢᠭ᠂ ᠬᠤᠲᠤᠭ-ᠥᠨᠳᠥᠷ ᠰᠤᠮᠤ ᠠᠴᠠ ᠬᠠᠩᠭᠠᠬᠤ ᠪᠠᠷ ᠵᠣᠬᠢᠶᠠᠨ ᠪᠠᠶᠢᠭᠤᠯᠵᠤ ᠪᠠᠶᠢᠨ᠎ᠠ ᠭᠡᠵᠦ ᠬᠦᠨᠡᠰᠦ ᠬᠥᠳᠡᠭᠡ ᠠᠵᠤ ᠠᠬᠤᠢ ᠶᠢᠨ ᠭᠠᠵᠠᠷ ᠤᠨ ᠳᠠᠷᠤᠭ᠎ᠠ ᠴ∙ᠠᠮᠤᠭᠤᠯᠠᠩ ᠶᠠᠷᠢᠯ᠎ᠠ᠃

ᠰᠡᠳᠬᠢᠭᠳᠡᠯ ᠦᠯᠡᠳᠡᠭᠡᠬᠦ