ᠥᠭᠡᠯᠡᠳ ᠦᠨ ᠰᠤᠶᠤᠯ ᠤᠨ ᠲᠤᠬᠠᠢ ᠨᠣᠮ ᠬᠡᠪᠯᠡᠭᠳᠡᠪᠡ  | News.MN

ᠥᠭᠡᠯᠡᠳ ᠦᠨ ᠰᠤᠶᠤᠯ ᠤᠨ ᠲᠤᠬᠠᠢ ᠨᠣᠮ ᠬᠡᠪᠯᠡᠭᠳᠡᠪᠡ 

 

︽ᠥᠭᠡᠯᠡᠳ ᠦᠨ ᠰᠤᠶᠤᠯ ᠲᠡᠦᠬᠡ ᠶᠢᠨ ᠪᠢᠴᠢᠭ ᠣᠷᠣᠰᠢᠪᠠᠢ︾ ᠨᠣᠮ ᠤᠨ ᠨᠡᠭᠡᠭᠡᠯᠲᠡ ᠬᠣᠪᠳᠣ ᠠᠶᠢᠮᠠᠭ ᠤᠨ ᠨᠡᠶᠢᠲᠡ ᠶᠢᠨ ᠨᠣᠮ ᠤᠨ ᠰᠠᠩ ᠳᠤ ᠪᠣᠯᠤᠯ᠎ᠠ᠃ ᠬᠣᠪᠳᠣ ᠠᠶᠢᠮᠠᠭ ᠤᠨ ᠡᠷᠳᠡᠨᠢᠪᠦ᠋ᠷᠢᠨ ᠰᠤᠮᠤ ᠶᠢᠨ ᠬᠠᠷᠢᠶᠠᠲᠤ ᠨᠠᠳᠮᠢᠳ ᠤᠨ ᠨᠠᠮᠰᠠᠷᠠᠢ ᠶᠢᠨ ᠪᠦᠲᠦᠭᠡᠯ ᠲᠤᠭᠤᠷᠪᠢᠯ ᠢ  ᠬᠦᠦ ᠨ∙ ᠰᠡᠷᠡᠩᠳᠤᠷᠵᠢ ᠡᠮᠬᠢᠳᠬᠡᠨ ︽ᠥᠭᠡᠯᠡᠳ ᠦᠨ ᠰᠤᠶᠤᠯ᠂ ᠲᠡᠦᠬᠡ ᠶᠢᠨ ᠪᠢᠴᠢᠭ ᠣᠷᠣᠰᠢᠪᠠᠢ ︾ ᠬᠡᠮᠡᠬᠦ ᠨᠣᠮ ᠭᠠᠷᠭᠠᠵᠠᠢ᠃

《ᠥᠭᠡᠯᠡᠳ ᠦᠨ ᠰᠤᠶᠤᠯ᠂ ᠲᠡᠦᠬᠡ ᠶᠢᠨ ᠪᠢᠴᠢᠭ ᠣᠷᠣᠰᠢᠪᠠᠢ ᠪᠦᠲᠦᠭᠡᠯ ᠦᠨ ᠷᠧᠳᠠᠺᠲᠣᠷ ᠢᠶᠠᠷ ᠬᠣᠪᠳᠣ ᠶᠡᠬᠡ ᠰᠤᠷᠭᠠᠭᠤᠯᠢ ᠶᠢᠨ ᠪᠠᠭᠰᠢ ᠮ∙ᠭᠠᠩᠪᠣᠯᠣᠳ᠂ ᠨ∙ᠭᠠᠩᠪᠣᠯᠣᠳ᠂ ᠡᠬᠡ ᠪᠡᠯᠡᠳᠬᠡᠭᠴᠢ ᠪᠡᠷ ᠼ∙ᠠᠮᠤᠷᠲ᠋ᠦ᠋ᠪᠰᠢᠨ ᠨᠠᠷ ᠠᠵᠢᠯᠯᠠᠵᠠᠢ᠃
ᠲᠤᠰ ᠨᠣᠮ 340 ᠬᠠᠭᠤᠳᠠᠰᠤ᠂ 5 ᠪᠦᠯᠦᠭ ᠲᠡᠢ᠃ ᠥᠭᠡᠯᠡᠳ ᠬᠡᠮᠡᠬᠦ ᠨᠡᠷ᠎ᠡ ᠶᠢᠨ ᠤᠴᠢᠷ᠂ ᠤᠭᠰᠠᠭ᠎ᠠ ᠭᠠᠷᠤᠯ᠂ ᠤᠯᠠᠮᠵᠢᠯᠠᠯᠲᠤ ᠠᠵᠤ ᠠᠬᠤᠢ᠂ ᠡᠳ᠋ ᠦᠨ ᠪᠣᠯᠤᠨ ᠣᠶᠤᠨ ᠤ ᠰᠤᠶᠤᠯ᠂ ᠭᠠᠷ ᠤᠷᠠᠯᠠᠯ ᠵᠡᠷᠭᠡ ᠥᠭᠡᠯᠡᠳ ᠤᠭᠰᠠᠭᠠᠲᠠᠨ ᠤ ᠲᠡᠦᠬᠡ᠂ ᠤᠯᠠᠮᠵᠢᠯᠠᠯ ᠤᠭ ᠪᠦᠲᠦᠭᠡᠯ ᠳᠦ ᠪᠠᠭᠲᠠᠵᠠᠢ᠃
ᠬᠣᠪᠳᠣ ᠠᠶᠢᠮᠠᠭ ᠤᠨ 17 ᠰᠤᠮᠤᠨ ᠳᠤ ᠠᠯᠲᠠᠢ ᠶᠢᠨ ᠤᠷᠢᠶᠠᠩᠬᠠᠢ᠂ ᠳᠥᠷᠪᠡᠳ᠂ ᠵᠠᠬᠠᠴᠢᠨ᠂ ᠮᠢᠩᠭᠠᠳ᠂ ᠥᠭᠡᠯᠡᠳ᠂ ᠲᠣᠷᠭᠤᠳ᠂ ᠬᠠᠯᠬ᠎ᠠ᠂ ᠬᠣᠱᠤᠳ᠂ ᠺᠠᠽᠠᠭ᠂ ᠲᠤᠸᠠ ᠵᠡᠷᠭᠡ 10 ᠭᠠᠷᠤᠢ ᠤᠭᠰᠠᠭᠠᠲᠠᠨ ᠠᠵᠤ  ᠲᠦᠷᠦᠵᠦ ᠪᠠᠶᠢᠨ᠎ᠠ᠃ ᠡᠳᠡᠭᠡᠷ ᠡᠴᠡ ᠥᠭᠡᠯᠡᠳ ᠤᠭᠰᠠᠭᠠᠲᠠᠨ ᠨᠢ ᠡᠷᠳᠡᠨᠢᠪᠦ᠋ᠷᠢᠨ ᠰᠤᠮᠤᠨ ᠳᠤ ᠣᠯᠠᠨ ᠢᠶᠠᠷ ᠰᠠᠭᠤᠷᠢᠰᠢᠨ ᠠᠮᠢᠳᠤᠷᠠᠵᠤ ᠪᠤᠢ᠃

ᠰᠡᠳᠬᠢᠭᠳᠡᠯ ᠦᠯᠡᠳᠡᠭᠡᠬᠦ