︽ᠬᠠᠷᠠᠩᠭ᠎ᠠ︾ ᠬᠠᠮᠲᠤᠯᠢᠭ ᠤᠨ ᠬᠢᠨ ᠦᠵᠡᠰᠬᠦᠯᠡᠩ ᠭᠠᠷᠭᠠᠪᠠ  | News.MN

︽ᠬᠠᠷᠠᠩᠭ᠎ᠠ︾ ᠬᠠᠮᠲᠤᠯᠢᠭ ᠤᠨ ᠬᠢᠨ ᠦᠵᠡᠰᠬᠦᠯᠡᠩ ᠭᠠᠷᠭᠠᠪᠠ 

︽ᠬᠠᠷᠠᠩᠭ᠎ᠠ︾ ᠬᠠᠮᠲᠤᠯᠢᠭ ᠤᠨ ᠬᠢᠨ 30 ᠵᠢᠯ ᠦᠨ ᠣᠢ ᠳᠤ ᠪᠠᠨ ᠵᠣᠷᠢᠭᠤᠯᠵᠤ ︽ᠰᠡᠩᠭᠢᠷᠠᠭᠢ︾ ᠠᠷᠲ ᠭᠠᠯᠧᠷᠧᠢ ᠳᠦ ᠦᠵᠡᠰᠬᠦᠯᠡᠩ ᠭᠠᠷᠭᠠᠭᠠᠳ ᠪᠠᠶᠢᠨ᠎ᠠ᠃ ︽ᠬᠠᠷᠠᠩᠭ᠎ᠠ︾ ᠬᠠᠮᠲᠤᠯᠢᠭ ᠤᠨ ᠳᠠᠭᠤᠤ ᠨᠤᠭᠤᠳ ᠡᠭᠡᠰᠢᠭᠯᠡᠭᠰᠡᠨ ᠦᠵᠡᠰᠬᠦᠯᠡᠩ ᠦᠨ ᠲᠠᠩᠬᠢᠮ ᠳᠤ ᠲᠤᠰ ᠬᠠᠮᠲᠤᠯᠢᠭ ᠤᠨ ᠤᠷᠠᠨ ᠪᠦᠲᠦᠭᠡᠯᠴᠢᠳ ᠦᠨ ᠬᠥᠷᠥᠭ ᠵᠢᠷᠤᠭ ᠢ 10 ᠭᠠᠷᠤᠢ ᠵᠢᠷᠤᠭᠠᠴᠢ ᠶᠢᠨ ᠵᠢᠷᠤᠭᠰᠠᠨ ᠢᠶᠠᠷ ᠳᠡᠯᠭᠡᠵᠡᠢ᠃ ᠲᠡᠭᠦᠨᠴᠢᠯᠡᠨ ᠦᠵᠡᠰᠬᠦᠯᠡᠩ ᠳᠦ  ᠬᠠᠮᠲᠤᠯᠢᠭ ᠤᠨ 1991 ᠣᠨ ᠤ  ︽ᠳᠡᠯᠡᠬᠡᠢ ᠶᠢᠷᠲᠢᠨᠴᠦ︾ ᠲᠤᠭᠯᠠᠯᠲᠠ ᠳᠤ ᠡᠮᠦᠰᠴᠦ ᠪᠠᠶᠢᠭᠰᠠᠨ ᠰᠠᠪᠬᠢᠨ ᠬᠦᠷᠮ᠎ᠡ᠂ ᠬᠠᠨᠳᠠᠭᠠᠵᠠ᠂ ᠰᠤᠽᠢᠶᠠᠯᠢᠰᠲ ᠣᠷᠣᠨ ᠨᠤᠭᠤᠳ ᠠᠴᠠ ᠬᠤᠳᠠᠯᠳᠤᠨ ᠠᠪᠴᠤ ᠪᠠᠶᠢᠭᠰᠠᠨ ᠪᠥᠮᠪᠥᠷ᠂ ᠪᠠᠭᠤᠪᠴᠢ᠂ 1989 ᠣᠨ ᠤ ︽ᠠᠮᠢᠳᠤᠷᠠᠯ︾ ᠺᠣᠨᠼᠧᠷᠲ ᠤᠨ ᠬᠤᠪᠴᠠᠰᠤ ᠶᠢ ᠳᠡᠯᠭᠡᠭᠰᠡᠨ ᠪᠠᠶᠢᠪᠠ᠃ ᠲᠡᠷᠡ ᠳᠤᠮᠳᠠᠬᠢ ᠴᠠᠭᠠᠨ ᠰᠤᠪᠤᠳ ᠤᠨ ᠰᠢᠭᠢᠳᠬᠡᠭᠡ ᠲᠡᠢ ᠲᠦᠷᠡᠢ ᠲᠡᠢ ᠭᠣᠶᠣᠮᠰᠣᠭ ᠭᠤᠲᠤᠯ ᠪᠣᠯ  ︽ᠪᠣᠭᠳᠠ ᠶᠢᠨ  ᠬᠠᠲᠤᠨ᠂ ᠬᠠᠷᠠᠩᠭ᠎ᠠ ᠶᠢᠨ ᠴᠤᠺᠠ ᠬᠣᠶᠠᠷ ᠰᠤᠪᠤᠳ ᠤᠨ ᠭᠤᠲᠤᠯ ᠲᠠᠢ︾ ᠭᠡᠬᠦ  ᠶᠠᠷᠢᠶ᠎ᠠ ᠶᠢ ᠴᠤ ᠭᠠᠷᠭᠠᠵᠤ ᠪᠠᠶᠢᠭᠰᠠᠨ ᠪᠢᠯᠡ᠃
︽ᠪᠢᠳᠡ ᠬᠤᠪᠢ ᠬᠤᠪᠢ ᠳᠤ ᠪᠠᠨ ᠥᠪᠡᠷᠰᠡᠳ ᠦᠨ ᠢᠶᠡᠨ ᠵᠢᠷᠤᠭ᠂ ᠬᠤᠪᠴᠠᠰᠤ᠂ ᠬᠡᠷᠡᠭᠰᠡᠯ ᠢ ᠬᠠᠳᠠᠭᠠᠯᠠᠳᠠᠭ ᠪᠠᠶᠢᠭᠰᠠᠨ᠃ ᠡᠨᠡ ᠤᠳᠠᠭ᠎ᠠ ᠶᠢᠨ ᠦᠵᠡᠰᠬᠦᠯᠡᠩ ᠢᠶᠡᠷ ᠥᠪᠡᠷᠰᠡᠳ ᠦᠨ ᠬᠠᠳᠠᠭᠠᠯᠠᠵᠤ ᠪᠤᠢ ᠵᠦᠢᠯ ᠢᠶᠡᠨ ᠨᠢᠭᠡᠳᠬᠡᠨ ᠬᠦᠮᠦᠰ ᠲᠦ ᠰᠣᠨᠢᠷᠬᠠᠭᠤᠯᠵᠤ ᠪᠠᠶᠢᠨ᠎ᠠ᠃ ᠵᠠᠷᠢᠮ ᠨᠢ ᠣᠨ ᠴᠠᠭ ᠤᠨ ᠡᠷᠬᠡ ᠪᠡᠷ ᠭᠡᠭᠡᠭᠳᠡᠵᠦ ᠠᠯᠠᠭ᠎ᠠ ᠪᠣᠯᠤᠭᠰᠠᠨ᠃ ᠬᠠᠮᠲᠤᠯᠢᠭ ᠤᠨ ᠦᠵᠡᠰᠬᠦᠯᠡᠩ ᠳᠦ ᠪᠢᠳᠡᠨ ᠦ ᠡᠳ᠋ᠯᠡᠵᠦ ᠬᠡᠷᠡᠭᠯᠡᠵᠦ ᠪᠠᠶᠢᠭᠰᠠᠨ ᠵᠦᠢᠯᠡᠰ ᠦᠨ 60 ᠣᠷᠴᠢᠮ  ᠬᠤᠪᠢ ᠶᠢ ᠳᠡᠯᠭᠡᠭᠰᠡᠨ᠃ ᠴᠢᠨᠠᠭᠰᠢᠳᠠ ᠪᠠᠨ ᠪᠠᠰᠠ ︽ᠬᠠᠷᠠᠩᠭ᠎ᠠ︾ ᠬᠠᠮᠲᠤᠯᠢᠭ ᠤᠨ ᠮᠦᠽᠧᠢ ᠪᠠᠶᠢᠭᠤᠯᠬᠤ ᠪᠣᠳᠣᠯ ᠲᠠᠢ ᠪᠠᠶᠢᠭ᠎ᠠ ᠭᠡᠵᠦ ᠼ∙ᠡᠩᠬᠡᠮᠠᠩᠯᠠᠢ ᠶᠠᠷᠢᠪᠠ᠃

ᠰᠡᠳᠬᠢᠭᠳᠡᠯ ᠦᠯᠡᠳᠡᠭᠡᠬᠦ