ᠣᠨᠢᠰᠤᠨ ᠲᠣᠭᠯᠠᠭᠠᠮ ᠢ ᠳᠡᠯᠭᠡᠷᠡᠭᠦᠯᠦᠨ᠎ᠡ  | News.MN

ᠣᠨᠢᠰᠤᠨ ᠲᠣᠭᠯᠠᠭᠠᠮ ᠢ ᠳᠡᠯᠭᠡᠷᠡᠭᠦᠯᠦᠨ᠎ᠡ 


    ᠵᠠᠪᠬᠠᠨ ᠤ ᠮᠦᠽᠧᠢ ︽ᠣᠨᠢᠰᠤᠨ ᠲᠣᠭᠯᠠᠭᠠᠮ ᠣᠶᠤᠨ ᠢ ᠲᠡᠳᠬᠦᠭᠴᠢ︾ ᠬᠥᠲᠥᠯᠪᠦᠷᠢ ᠶᠢ ᠬᠡᠷᠡᠭᠵᠢᠭᠦᠯᠦᠨ᠎ᠡ᠃ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠦᠨ ᠰᠤᠷᠤᠭᠴᠢᠳ ᠢ ᠣᠨᠢᠰᠤᠨ ᠲᠣᠭᠯᠠᠭᠠᠮ ᠢᠶᠠᠷ ᠳᠠᠮᠵᠢᠭᠤᠯᠤᠨ ᠣᠶᠤᠨ ᠤᠬᠠᠭᠠᠨ᠂ ᠰᠡᠳᠬᠢᠬᠦᠢ ᠶᠢ ᠨᠢ ᠬᠥᠭᠵᠢᠭᠦᠯᠬᠦ᠂ ᠮᠡᠳᠡᠯᠭᠡ ᠴᠢᠳᠠᠪᠤᠷᠢ ᠶᠢ ᠨᠡᠮᠡᠭᠳᠡᠭᠦᠯᠬᠦ᠂ ᠣᠨᠢᠰᠤᠨ ᠲᠣᠭᠯᠠᠭᠠᠮ ᠤᠨ ᠠᠴᠢ ᠬᠣᠯᠪᠣᠭᠳᠠᠯ ᠢ ᠲᠠᠨᠢᠭᠤᠯᠤᠨ ᠰᠤᠷᠲᠠᠯᠴᠢᠯᠠᠬᠤ ᠵᠣᠷᠢᠯᠭ᠎ᠠ ᠲᠠᠢ ᠬᠥᠲᠥᠯᠪᠦᠷᠢ ᠳᠦ ᠬᠥᠭᠵᠢᠯ ᠦᠨ ᠪᠡᠷᠬᠡᠰᠢᠶᠡᠯ ᠲᠡᠢ ᠬᠡᠦᠬᠡᠳ ᠦᠳ ᠮᠥᠨ ᠬᠠᠮᠤᠷᠤᠭᠳᠠᠬᠤ ᠠᠵᠠᠢ ᠃
     ᠬᠥᠲᠥᠯᠪᠦᠷᠢ ᠶᠢᠨ ᠬᠦᠷᠢᠶᠡᠨ ᠳᠦ ᠬᠡᠦᠬᠡᠳ ᠦᠳ ᠣᠨᠢᠰᠤᠨ ᠲᠣᠭᠯᠠᠭᠠᠮ ᠤᠨ ᠲᠤᠬᠠᠢ ᠬᠢᠴᠢᠶᠡᠯ ᠳᠦ ᠰᠠᠭᠤᠬᠤ ︵ᠴᠠᠬᠢᠮ ᠬᠡᠯᠪᠡᠷᠢ ᠪᠡᠷ︶᠂ ᠪᠠᠭ ᠪᠣᠯᠤᠨ ᠬᠤᠪᠢᠶᠠᠭᠳᠠᠵᠤ ᠦᠷᠦᠵᠦ ᠡᠪᠯᠡᠭᠦᠯᠬᠦ ᠲᠣᠭᠯᠠᠭᠠᠮ᠂ ᠭᠠᠵᠠᠷ ᠤᠨ ᠵᠢᠷᠤᠭ ᠡᠪᠯᠡᠭᠦᠯᠬᠦ᠂ ᠣᠨᠢᠰᠤᠨ ᠲᠣᠭᠯᠠᠭᠠᠮ ᠡᠪᠯᠡᠭᠦᠯᠬᠦ᠂ ᠠᠯᠠᠭ ᠮᠡᠯᠡᠬᠡᠢ ᠦᠷᠦᠬᠦ ᠭᠡᠬᠦ ᠮᠡᠲᠦᠴᠢᠯᠠᠨ ᠣᠯᠠᠨ ᠵᠦᠢᠯᠡᠰ ᠢ ᠰᠤᠷᠬᠤ ᠠᠵᠡᠢ᠃ ᠲᠡᠭᠦᠨᠴᠢᠯᠡᠨ ᠠᠶᠢᠮᠠᠭ ᠤᠨ ᠢᠶᠠᠨ ᠣᠷᠣᠨ ᠨᠤᠲᠤᠭ ᠰᠤᠳᠤᠯᠬᠤ ᠮᠦᠽᠧᠢ ᠲᠡᠢ ᠲᠠᠨᠢᠯᠴᠠᠵᠤ ᠂ 10 ᠶᠡᠬᠡ ᠬᠤᠲᠤᠭᠲᠤ ᠬᠤᠪᠢᠯᠭᠠᠳ ᠤᠨ ᠡᠳ᠋ᠯᠡᠵᠦ ᠬᠡᠷᠡᠭᠯᠡᠵᠦ ᠪᠠᠶᠢᠭᠰᠠᠨ ᠡᠳ᠋ ᠵᠦᠢᠯᠡᠰ ᠢ ᠦᠵᠡᠵᠦ ᠰᠣᠨᠢᠷᠬᠠᠨ ᠳ᠋ᠢᠯᠤᠪᠠ ᠬᠤᠲᠤᠭᠲᠤ ᠶᠢᠨ ᠠᠷᠢᠭᠤᠨ ᠴᠢᠨᠳᠠᠷ ᠲᠤ ᠮᠥᠷᠭᠥᠵᠦ ᠠᠳᠢᠰ ᠠᠪᠬᠤ᠂ ᠠᠯᠳᠠᠷᠲᠠᠨ ᠨᠤᠭᠤᠳ ᠤᠨ ᠮᠦᠽᠧᠢ ᠦᠵᠡᠬᠦ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ