ᠯᠠᠮᠠ ᠨᠠᠷ ᠪᠦᠯᠦᠭᠯᠡᠨ ᠨᠢᠭᠡᠨ ᠦ ᠪᠡᠨ ᠠᠮᠢᠨ ᠳᠤ ᠬᠦᠷᠴᠡᠢ  | News.MN

ᠯᠠᠮᠠ ᠨᠠᠷ ᠪᠦᠯᠦᠭᠯᠡᠨ ᠨᠢᠭᠡᠨ ᠦ ᠪᠡᠨ ᠠᠮᠢᠨ ᠳᠤ ᠬᠦᠷᠴᠡᠢ 

ᠰᠦᠬᠡᠪᠠᠭᠠᠲᠤᠷ ᠳᠡᠭᠦᠷᠭᠡ ᠶᠢᠨ ᠳᠣᠯᠣᠳᠤᠭᠠᠷ ᠬᠣᠷᠢᠶᠠᠨ ᠤ ᠳᠡᠨᠵᠢ ᠶᠢᠨ ᠭᠤᠳᠤᠮᠵᠢᠨ ᠳᠤ ᠮᠣᠩᠭᠣᠯ ᠭᠡᠷ ᠲᠦ ᠪᠤᠰᠤᠳ ᠤᠨ ᠭᠠᠷ ᠲᠤ ᠠᠮᠢ ᠪᠠᠨ ᠠᠯᠳᠠᠭᠰᠠᠨ ᠬᠦᠮᠦᠨ ᠦ ᠴᠣᠭᠴᠠᠰ ᠪᠠᠶᠢᠨ᠎ᠠ ᠭᠡᠬᠦ ᠳᠠᠭᠤᠳᠠᠯᠭ᠎ᠠ ᠴᠠᠭᠳᠠᠭ᠎ᠠ ᠶᠢᠨ ᠭᠠᠵᠠᠷ ᠢᠷᠡᠵᠡᠢ᠃ ᠲᠣᠳᠣᠷᠠᠭᠤᠯᠪᠠᠯ᠂ ᠠᠷᠪᠠᠳᠤᠭᠠᠷ ᠰᠠᠷ᠎ᠠ ᠶᠢᠨ 7 ᠤ ᠡᠳᠦᠷ ᠲᠤᠰ ᠳᠡᠭᠦᠷᠭᠡ ᠳᠤ ᠣᠷᠣᠰᠢᠨ ᠰᠠᠭᠤᠳᠠᠭ 37 ᠨᠠᠰᠤᠲᠠᠢ ᠡᠷᠡᠭᠲᠡᠢ D ᠶᠢ ᠬᠡᠷᠴᠡᠭᠡᠢ ᠪᠡᠷ ᠵᠣᠳᠣᠵᠤ᠂ ᠣᠯᠠᠨ ᠤᠳᠠᠭ᠎ᠠ ᠬᠢᠲᠤᠭᠠᠯᠠᠨ ᠬᠥᠨᠥᠭᠡᠭᠰᠡᠨ  ᠪᠠᠶᠢᠵᠠᠢ᠃ ᠲᠠᠯᠢᠢᠭᠠᠴᠢ ᠨᠢᠭᠡᠨ ᠬᠡᠶᠢᠳ ᠦᠨ ᠯᠠᠮᠠ ᠪᠠᠶᠢᠭᠰᠠᠨ ᠪᠥᠭᠡᠳ ᠬᠡᠷᠡᠭ ᠭᠠᠷᠤᠭᠰᠠᠨ ᠡᠳᠦᠷ ᠲᠠᠯᠢᠢᠭᠠᠴᠢ ᠶᠢᠨ ᠭᠡᠷ ᠲᠦ ᠣᠯᠠᠨ ᠯᠠᠮᠠ ᠨᠠᠷ ᠴᠤᠭᠯᠠᠷᠠᠵᠤ ᠠᠷᠢᠬᠢᠳᠠᠨ ᠰᠣᠭᠲᠣᠭᠤᠷᠠᠭᠰᠠᠨ D ᠶᠢ ᠭᠡᠷ ᠦᠨ  ᠬᠢᠨᠢ ᠠᠪᠳᠠᠷ᠎ᠠ ᠶᠢᠨ ᠲᠠᠭ ᠢᠶᠠᠷ ᠵᠣᠳᠣᠵᠤ ᠬᠥᠨᠥᠭᠡᠭᠰᠡᠨ ᠪᠠᠶᠢᠨ᠎ᠠ᠃ ᠤᠭ ᠬᠡᠷᠡᠭ ᠢ ᠨᠡᠶᠢᠰᠯᠡᠯ ᠦᠨ ᠴᠠᠭᠳᠠᠭ᠎ᠠ ᠶᠢᠨ ᠭᠠᠵᠠᠷ ᠤᠨ ᠣᠨᠴᠠ ᠬᠦᠨᠳᠦ ᠭᠡᠮᠲᠦ ᠬᠡᠷᠡᠭ ᠲᠡᠢ ᠲᠡᠮᠡᠴᠡᠬᠦ ᠲᠠᠰᠤᠭ ᠪᠣᠯᠤᠨ ᠰᠣᠩᠭᠢᠨ᠎ᠠ ᠬᠠᠶᠢᠷᠬᠠᠨ ᠳᠡᠭᠦᠷᠭᠡ ᠶᠢᠨ ᠴᠠᠭᠳᠠᠭ᠎ᠠ ᠶᠢᠨ ᠬᠣᠶᠠᠳᠤᠭᠠᠷ ᠬᠡᠯᠲᠡᠰ ᠦᠨ ᠠᠯᠪᠠ ᠬᠠᠭᠠᠭᠴᠢᠳ ᠮᠥᠷᠳᠡᠨ ᠰᠢᠯᠭᠠᠵᠤ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ