ᠬᠠᠰᠠᠭᠰᠲ᠋ᠠᠨ ᠤ ᠲᠢᠶᠠᠲ᠋ᠷ᠂ ᠮᠦᠽᠧᠢ ᠲᠡᠢ ᠲᠠᠨᠢᠯᠴᠠᠪᠠ  | News.MN

ᠬᠠᠰᠠᠭᠰᠲ᠋ᠠᠨ ᠤ ᠲᠢᠶᠠᠲ᠋ᠷ᠂ ᠮᠦᠽᠧᠢ ᠲᠡᠢ ᠲᠠᠨᠢᠯᠴᠠᠪᠠ 

ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ  ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠲᠤ  ᠬᠢᠭᠰᠡᠨ ᠠᠶᠢᠯᠴᠢᠯᠠᠯ ᠤᠨ ᠢᠶᠠᠨ ᠲᠡᠭᠦᠰᠬᠡᠯ ᠳᠦ ︽ᠠᠰᠲ᠋ᠠᠨᠠ ᠣᠫᠧᠷᠠ︾ ᠤᠯᠤᠰ ᠤᠨ ᠳᠠᠭᠤᠷᠢ ᠪᠦᠵᠢᠭ ᠦᠨ ᠲᠢᠶᠠᠲ᠋ᠷ᠂ ᠦᠨᠳᠦᠰᠦᠨ ᠦ ᠮᠦᠽᠧᠢ ᠶᠢᠨ ᠦᠢᠯᠡ ᠠᠵᠢᠯᠯᠠᠭ᠎ᠠ ᠲᠠᠢ ᠲᠠᠨᠢᠯᠴᠠᠵᠤ᠂ ᠰᠢᠨ᠎ᠡ ᠲᠤᠲᠤᠮ ᠪᠠᠷᠢᠭᠳᠠᠭᠰᠠᠨ ᠬᠡᠳᠦᠢ ᠴᠤ ᠠᠽᠢᠶ᠎ᠠ ᠲᠢᠪ᠂ ᠤᠯᠠᠮ ᠢᠶᠠᠷ ᠳᠡᠯᠡᠬᠡᠢ ᠳᠦ ᠲᠠᠨᠢᠭᠳᠠᠭᠠᠳ ᠪᠤᠢ ᠲᠤᠰ ᠤᠯᠤᠰ ᠤᠨ ᠲᠣᠮᠣᠬᠠᠨ ᠲᠢᠶᠠᠲ᠋ᠷ᠂ ᠮᠦᠽᠧᠢ ᠶᠢᠨ ᠪᠦᠲᠦᠭᠡᠨ ᠪᠠᠶᠢᠭᠤᠯᠤᠯᠲᠠ ᠶᠢ ᠭᠦᠢᠴᠡᠳᠭᠡᠭᠰᠡᠨ ᠮᠡᠷᠭᠡᠵᠢᠯ ᠦᠨ ᠪᠠᠶᠢᠭᠤᠯᠤᠯᠭ᠎ᠠ ᠨᠤᠭᠤᠳ ᠤᠨ ᠲᠥᠯᠥᠭᠡᠯᠡᠯ ᠲᠡᠢ ᠠᠭᠤᠯᠵᠠᠵᠤ᠂ ᠲᠡᠳᠡᠨ ᠢ ᠥᠪᠡᠷ ᠦᠨ ᠣᠷᠣᠨ ᠳᠤ ᠤᠷᠢᠵᠤ ᠲᠤᠷᠰᠢᠯᠭ᠎ᠠ ᠰᠤᠯᠢᠯᠴᠠᠬᠤ᠂ ᠬᠠᠮᠲᠤᠷᠠᠨ ᠠᠵᠢᠯᠯᠠᠬᠤ ᠲᠠᠯ᠎ᠠ ᠪᠠᠷ ᠶᠠᠷᠢᠯᠴᠠᠭᠰᠠᠨ ᠶᠤᠮ᠃ ︽ᠠᠰᠲ᠋ᠠᠨᠠ ᠣᠫᠧᠷᠠ︾ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠬᠡᠪ ᠵᠠᠭᠪᠤᠷ ᠢ ᠬᠠᠰᠠᠭ ᠦᠨᠳᠦᠰᠦᠨ ᠦ ᠥᠩᠭᠡ ᠲᠥᠷᠬᠥ ᠶᠢ ᠳᠡᠯᠡᠬᠡᠢ ᠶᠢᠨ ᠠᠷᠾᠢᠲᠸᠺᠲ᠋ᠤᠷ ᠤᠨ ᠰᠣᠩᠭᠣᠳᠠᠭ ᠬᠡᠪ ᠵᠠᠭᠪᠤᠷ ᠲᠠᠢ ᠬᠣᠷᠰᠢᠭᠤᠯᠤᠨ ᠪᠦᠲᠦᠭᠡᠵᠦ᠂ ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ ᠲᠣᠨᠣᠭ ᠲᠥᠬᠥᠭᠡᠷᠦᠮᠵᠢ ᠪᠡᠷ ᠲᠣᠨᠣᠭᠯᠠᠵᠠᠢ᠃

ᠦᠨᠳᠦᠰᠦᠨ ᠦ ᠮᠦᠽᠧᠢ ᠨᠢ ᠭᠡᠬᠦ ᠳᠤ 2014 ᠣᠨ ᠳᠤ ᠠᠰᠢᠭᠯᠠᠯᠲᠠ ᠳᠤ ᠣᠷᠣᠭᠰᠠᠨ ᠪᠥᠭᠡᠳ ᠮᠥᠨ ᠯᠠ ᠲᠥᠪ ᠠᠽᠢᠶ᠎ᠠ ᠳᠠᠬᠢ ᠬᠠᠮᠤᠭ ᠤᠨ ᠵᠠᠯᠠᠭᠤ ᠮᠦᠽᠧᠢ ᠳᠦ ᠲᠣᠭᠠᠴᠠᠭᠳᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ