ᠮᠣᠩᠭᠣᠯ ᠳᠤ ᠪᠠᠨ ᠲᠡᠳᠦᠢ ᠦᠭᠡᠢ ᠳᠡᠯᠡᠬᠡᠢ ᠶᠢᠨ ᠰᠢᠯᠢᠳᠡᠭ ᠡᠮᠡᠭᠲᠡᠢ ᠰᠢᠲᠠᠷᠠᠴᠢᠳ ᠤᠨ ᠨᠢᠭᠡ ᠪᠣᠯ ᠶᠡᠬᠡ ᠮᠠᠰᠲ᠋ᠸᠷ ᠠ᠊∙ᠡᠩᠬᠡᠲᠤᠤᠯᠠ᠃ ᠲᠡᠷᠡᠪᠡᠷ 21 ᠨᠠᠰᠤᠨ ᠳᠤ ᠪᠠᠨ ᠠᠽᠢᠶ᠎ᠠ ᠶᠢᠨ ᠰᠢᠲᠠᠷ᠎ᠠ ᠶᠢᠨ ᠬᠣᠯᠪᠣᠭᠠᠨ ᠳᠤ ᠤᠷᠢᠯᠭ᠎ᠠ ᠪᠠᠷ ᠠᠵᠢᠯᠯᠠᠵᠤ ᠪᠠᠶᠢᠭᠰᠠᠨ ᠤᠳᠠᠭ᠎ᠠ ᠲᠠᠢ᠃ ᠡᠩᠬᠡᠲᠤᠤᠯᠠ ᠦᠨᠳᠦᠰᠦᠨ ᠦ ᠬᠡᠮᠵᠢᠶᠡᠨ ᠳᠦ ᠰᠢᠲᠠᠷ᠎ᠠ ᠶᠢᠨ ᠰᠫᠣᠷᠲ ᠢ ᠬᠥᠭᠵᠢᠭᠦᠯᠬᠦ ᠶᠡᠬᠡ ᠵᠣᠷᠢᠯᠭ᠎ᠠ ᠪᠠᠷ ︽ᠶᠦᠨᠢᠪᠰᠢᠨ︾ ᠰᠦᠯᠵᠢᠶ᠎ᠡ ᠲᠡᠢ ᠬᠠᠮᠲᠤᠷᠠᠨ ᠲᠸᠯᠸᠢᠰ ᠢᠶᠡᠷ ᠰᠢᠲᠠᠷ᠎ᠠ ᠶᠢᠨ ᠬᠢᠴᠢᠶᠡᠯ ᠵᠢᠭᠠᠵᠤ ᠪᠠᠶᠢᠭ᠎ᠠ ᠶᠤᠮ᠃ ᠲᠡᠷᠡᠪᠡᠷ ᠰᠢᠲᠠᠷ᠎ᠠ ᠶᠢᠨ ᠠᠩᠬᠠᠨ ᠱᠠᠲᠤᠨ ᠤ ᠮᠡᠳᠡᠭᠳᠡᠬᠦᠨ ᠢ ᠲᠠᠶᠢᠯᠪᠤᠷᠢᠯᠠᠨ ᠬᠦᠷᠭᠡᠵᠦ ᠪᠠᠶᠢᠭ᠎ᠠ ᠪᠥᠭᠡᠳ ᠰᠢᠲᠠᠷ᠎ᠠ ᠶᠢᠨ ᠬᠢᠴᠢᠶᠡᠯ ᠢ LookTV app ᠡᠴᠡ ᠪᠣᠯᠤᠨ ᠵᠢᠷᠤᠭᠲᠤ ᠪᠠᠷ ᠦᠵᠡᠵᠦ ᠰᠤᠷᠬᠤ ᠪᠣᠯᠤᠮᠵᠢ ᠲᠠᠢ ᠭᠡᠨ᠎ᠡ᠃ ᠠ᠊∙ᠡᠩᠬᠡᠲᠤᠤᠯᠠ 2018 ᠣᠨ ᠳᠤ ᠰᠠᠦ᠋ᠳᠢ ᠶᠢᠨ ᠠᠷᠠᠪ ᠤᠯᠤᠰ ᠲᠤ ᠵᠣᠬᠢᠶᠠᠭᠳᠠᠭᠰᠠᠨ ᠡᠮᠡᠭᠲᠡᠶᠢᠴᠦᠳ ᠦᠨ ᠲᠦᠷᠭᠡᠨ ᠲᠣᠭᠯᠠᠯᠲᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠳᠡᠯᠡᠬᠡᠢ ᠶᠢᠨ ︽ᠰᠢᠯᠢᠳᠡᠭ-30︾ ᠰᠢᠲᠠᠷᠠᠴᠢᠳ ᠤᠨ ᠱᠠᠩᠨᠠᠯ ᠠᠪᠴᠤ ᠪᠠᠶᠢᠭᠰᠠᠨ ᠪᠢᠯᠡ᠃