ᠬ∙ᠪᠠᠲᠤᠲᠤᠯᠭ᠎ᠠ ᠡᠷᠳᠡᠮᠲᠡᠳ ᠲᠠᠢ ᠠᠭᠤᠯᠵᠠᠯ᠎ᠠ  | News.MN

ᠬ∙ᠪᠠᠲᠤᠲᠤᠯᠭ᠎ᠠ ᠡᠷᠳᠡᠮᠲᠡᠳ ᠲᠠᠢ ᠠᠭᠤᠯᠵᠠᠯ᠎ᠠ 

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠣᠣᠷ᠎ᠠ ᠵᠣᠬᠢᠶᠠᠨ ᠪᠠᠶᠢᠭᠤᠯᠤᠭᠳᠠᠭᠰᠠᠨ ︽ᠪᠣᠭᠳᠠ ᠬᠠᠭᠠᠨ 150᠄ ᠲᠡᠦᠬᠡ᠂ ᠰᠤᠶᠤᠯ᠂ ᠥᠪ︾ ᠰᠡᠳᠦᠪᠲᠦ ᠣᠯᠠᠨ ᠤᠯᠤᠰ ᠤᠨ ᠡᠷᠳᠡᠮ ᠰᠢᠨᠵᠢᠯᠡᠭᠡᠨ ᠦ ᠬᠤᠷᠠᠯ ᠳᠤ ᠣᠷᠣᠯᠴᠠᠬᠤ ᠪᠠᠷ ᠢᠷᠡᠭᠰᠡᠨ ᠮᠣᠩᠭᠣᠯᠴᠢ ᠡᠷᠳᠡᠮᠲᠡᠳ ᠢ ᠥᠨᠥᠳᠥᠷ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠬᠦᠯᠢᠶᠡᠨ ᠠᠪᠴᠤ ᠠᠭᠤᠯᠵᠠᠯ᠎ᠠ᠃ ᠠᠭᠤᠯᠵᠠᠯᠲᠠ ᠳᠤ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠶᠡᠷᠦᠩᠬᠡᠶᠢᠯᠡᠭᠴᠢ᠂ ᠠᠺᠠᠳᠧᠮᠢᠴᠢ ᠳ∙ᠷᠸᠭᠳᠡᠯ᠂ ᠲᠤᠰ ᠠᠺᠠᠳᠧᠮᠢ ᠶᠢᠨ ᠲᠥᠷᠥ ᠶᠢᠨ ᠰᠤᠶᠤᠷᠬᠠᠯᠲᠤ ᠲᠡᠦᠬᠡᠴᠢ ᠣ᠊∙ᠪᠠᠲᠤᠰᠠᠶᠢᠬᠠᠨ᠂ ᠶᠠᠫᠣᠨ ᠤᠯᠤᠰ ᠤᠨ ᠫᠷᠣᠹᠧᠰᠰᠣᠷ ᠨᠠᠺᠠᠮᠢ ᠲᠠᠲᠰᠤ᠂ ᠭᠧᠷᠮᠠᠨ ‍ᠣ ᠮᠣᠩᠭᠣᠯᠴᠢ ᠡᠷᠳᠡᠮᠲᠡᠨ ᠤᠫᠣ ᠪ∙ᠪᠠᠷᠺᠮᠠᠨ ᠵᠡᠷᠭᠡ ᠶᠠᠫᠣᠨ᠂ ᠣᠷᠣᠰ᠂ ᠭᠧᠷᠮᠠᠨ᠂  ᠫᠤᠯᠠᠨᠳ᠋ ᠤᠯᠤᠰ ᠤᠨ ᠮᠣᠩᠭᠣᠯᠴᠢ ᠡᠷᠳᠡᠮᠲᠡᠳ ᠦᠨ ᠲᠥᠯᠥᠭᠡᠯᠡᠯ ᠣᠷᠣᠯᠴᠠᠯ᠎ᠠ᠃
ᠬ∙ᠪᠠᠲᠤᠲᠤᠯᠭ᠎ᠠ ᠮᠣᠩᠭᠣᠯ ᠤᠯᠤᠰ ᠲᠤᠰᠠᠭᠠᠷ ᠲᠣᠭᠲᠠᠨᠢᠯ᠂ ᠲᠥᠷᠥ ᠤᠯᠤᠰ ᠢᠶᠠᠨ ᠰᠡᠷᠭᠦᠭᠡᠭᠰᠡᠨ 1911 ᠣᠨ ᠤ ᠦᠨᠳᠦᠰᠦᠨ ᠦ ᠡᠷᠬᠡ ᠴᠢᠯᠦᠭᠡᠨ ᠦ ᠬᠤᠪᠢᠰᠬᠠᠯ ᠤᠨ ᠤᠳᠤᠷᠢᠳᠤᠭᠴᠢ ᠪᠣᠭᠳᠠ ᠬᠠᠭᠠᠨ ᠤ ᠮᠡᠨᠳᠦᠯᠡᠭᠰᠡᠨ ᠦ ᠣᠢ ᠶᠢ ᠠᠩᠬ᠎ᠠ ᠤᠳᠠᠭ᠎ᠠ ᠲᠡᠮᠳᠡᠭᠯᠡᠵᠦ ᠪᠤᠢ ᠶᠢ ᠳᠤᠷᠠᠳᠤᠭᠠᠳ᠂ ᠲᠡᠦᠬᠡᠨ ᠪᠠᠷᠢᠮᠲᠠ ᠨᠤᠭᠤᠳ ᠢ ᠲᠣᠳᠣᠷᠠᠭᠤᠯᠬᠤ ᠴᠢᠬᠤᠯᠠ ᠬᠤᠷᠠᠯ ᠳᠤ ᠬᠦᠷᠦᠯᠴᠡᠨ ᠢᠷᠡᠭᠰᠡᠨ ᠮᠣᠩᠭᠣᠯᠴᠢ ᠡᠷᠳᠡᠮᠲᠡᠳ ᠲᠦ ᠲᠠᠯᠠᠷᠬᠠᠯ ᠢᠯᠡᠷᠬᠡᠶᠢᠯᠡᠭᠰᠡᠨ ᠶᠤᠮ᠃ ᠮᠥᠨ ᠮᠣᠩᠭᠣᠯ ᠤᠨ ᠲᠡᠦᠬᠡ ᠶᠢᠨ ᠡᠭᠡᠳᠡᠷᠡᠭᠡ ᠲᠡᠢ ᠠᠰᠠᠭᠤᠳᠠᠯ ᠤᠳ ᠢ ᠰᠤᠳᠤᠯᠵᠤ᠂ ᠲᠡᠦᠬᠡᠨ ᠪᠣᠳᠠᠲᠤ ᠪᠠᠶᠢᠳᠠᠯ ᠢ ᠲᠣᠭᠲᠠᠭᠠᠭᠰᠠᠨ ᠰᠤᠳᠤᠯᠭᠠᠨ ᠰᠢᠨᠵᠢᠯᠡᠭᠡᠨ ᠦ ᠠᠵᠢᠯ᠂ ᠪᠠᠷᠢᠮᠲᠠ ᠰᠡᠯᠲᠡ ᠪᠡᠨ ᠬᠣᠶᠢᠴᠢ ᠦᠶ᠎ᠡ ᠳᠦ ᠪᠡᠨ ᠰᠤᠷᠲᠠᠯᠴᠢᠯᠠᠨ ᠲᠠᠨᠢᠭᠤᠯᠬᠤ ᠠᠰᠠᠭᠤᠳᠠᠯ ᠳᠤ ᠣᠨᠴᠠᠭᠠᠢ ᠠᠩᠬᠠᠷᠴᠤ ᠠᠵᠢᠯᠯᠠᠬᠤ ᠶᠢ ᠬᠦᠰᠡᠭᠡᠳ᠂ ᠡᠨᠡ ᠠᠰᠠᠭᠤᠳᠠᠯ ᠢᠶᠠᠷ ᠮᠣᠩᠭᠣᠯᠴᠢ ᠡᠷᠳᠡᠮᠲᠡᠳ ᠲᠡᠢ ᠰᠠᠨᠠᠯ ᠪᠣᠳᠣᠯ ᠢᠶᠠᠨ ᠰᠣᠯᠢᠯᠴᠠᠵᠤ᠂ ᠳᠡᠯᠭᠡᠷᠡᠩᠭᠦᠢ ᠶᠠᠷᠢᠯᠴᠠᠪᠠ᠃

ᠰᠡᠳᠬᠢᠭᠳᠡᠯ ᠦᠯᠡᠳᠡᠭᠡᠬᠦ