NBA ᠍  ᠡᠨᠡᠳᠬᠡᠭ ᠲᠤ ᠠᠩᠬ᠎ᠠ ᠤᠳᠠᠭ᠎ᠠ ᠲᠣᠭᠯᠠᠨ᠎ᠠ  | News.MN

NBA ᠍  ᠡᠨᠡᠳᠬᠡᠭ ᠲᠤ ᠠᠩᠬ᠎ᠠ ᠤᠳᠠᠭ᠎ᠠ ᠲᠣᠭᠯᠠᠨ᠎ᠠ 

︽ᠢᠨᠳᠢᠶᠠᠨ᠎ᠠ ᠫᠠᠶᠢᠰᠧᠷᠰ︾ ᠪᠣᠯᠤᠨ ︽ᠰᠠᠺᠷᠠᠮᠸᠨᠲ᠋ᠤ᠋ ᠺᠢᠨᠭᠰ︾ ᠪᠠᠭ ᠤᠳ ᠤᠯᠠᠷᠢᠯ ᠤᠨ ᠡᠮᠦᠨᠡᠬᠢ ᠬᠣᠶᠠᠷ ᠲᠣᠭᠯᠠᠯᠲᠠ ᠪᠠᠨ ᠡᠨᠡᠳᠬᠡᠭ ᠤᠯᠤᠰ ᠲᠤ ᠬᠢᠬᠦ ᠪᠡᠷ ᠣᠴᠢᠭᠰᠠᠨ ᠪᠠᠶᠢᠨ᠎ᠠ ᠃ NBA᠍ ᠤᠨ ᠪᠠᠭ ᠤᠳ ᠡᠨᠡᠳᠬᠡᠭ ᠤᠯᠤᠰ ᠲᠤ ᠠᠩᠬ᠎ᠠ ᠤᠳᠠᠭ᠎ᠠ ᠲᠣᠭᠯᠠᠬᠤ ᠭᠡᠵᠦ ᠪᠠᠶᠢᠭ᠎ᠠ ᠪᠥᠭᠡᠳ ᠪᠥᠭᠡᠳ ᠳᠡᠭᠡᠷᠡᠬᠢ ᠬᠣᠶᠠᠷ ᠪᠠᠭ ᠤᠨ ᠲᠣᠭᠯᠠᠯᠲᠠ ᠮᠤᠮᠪᠠᠢ ᠬᠤᠲᠠ ᠳᠤ ᠡᠨᠡ ᠳᠣᠯᠣᠭ᠎ᠠ ᠬᠣᠨᠣᠭ ᠤᠨ ᠪᠠᠰᠠᠩ᠂ ᠪᠢᠮᠪᠠ ᠭᠠᠷᠠᠭ ᠲᠤ ᠪᠣᠯᠬᠤ ᠶᠤᠮ᠃ ᠪᠠᠰᠠᠩ ᠭᠠᠷᠠᠭ ᠲᠤ ᠪᠣᠯᠬᠤ ᠲᠣᠭᠯᠠᠯᠲᠠ ᠶᠢ 70 ᠭᠠᠷᠤᠢ ᠰᠤᠷᠭᠠᠭᠤᠯᠢ ᠶᠢᠨ 3000 ᠮᠢᠩᠭᠠᠨ ᠣᠶᠤᠲᠠᠨ ᠰᠤᠷᠤᠭᠴᠢ ᠲᠤᠰᠬᠠᠢ ᠵᠣᠴᠢᠳ ᠤᠨ ᠬᠤᠪᠢ ᠪᠠᠷ ᠦᠵᠡᠬᠦ ᠪᠥᠭᠡᠳ ᠡᠨᠡᠬᠦ ᠦᠢᠯᠡ ᠠᠵᠢᠯᠯᠠᠭ᠎ᠠ ᠶᠢ Reliance Foundation ᠠᠰᠢᠭ ᠤᠨ ᠪᠤᠰᠤ ᠪᠠᠶᠢᠭᠤᠯᠤᠯᠭ᠎ᠠ ᠲᠠᠢ ᠬᠠᠮᠲᠤᠷᠠᠨ ᠵᠣᠬᠢᠶᠠᠨ ᠪᠠᠶᠢᠭᠤᠯᠤᠭᠰᠠᠨ ᠪᠠᠶᠢᠨ᠎ᠠ᠃ ᠬᠠᠷᠢᠨ ᠪᠢᠮᠪᠠ ᠭᠠᠷᠠᠭ ᠲᠤ ᠪᠣᠯᠬᠤ ᠲᠣᠭᠯᠠᠯᠲᠠ ᠶᠢ ᠲᠠᠰᠤᠯᠪᠤᠷᠢ ᠬᠤᠳᠠᠯᠳᠤᠨ ᠠᠪᠤᠭᠰᠠᠨ ᠪᠦᠬᠦ ᠬᠦᠮᠦᠨ ᠦᠵᠡᠬᠦ ᠪᠣᠯᠤᠮᠵᠢ ᠲᠠᠢ ᠭᠡᠨ᠎ᠡ᠃
ᠠᠮᠧᠷᠢᠺᠠ ᠶᠢᠨ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠ ︵NBA︶ ᠨᠢ ᠰᠡᠭᠦᠯ ᠦᠨ ᠵᠢᠯ ᠦᠳ ᠲᠦ ᠦᠢᠯᠡ ᠠᠵᠢᠯᠯᠠᠭ᠎ᠠ  ᠪᠠᠨ ᠳᠡᠯᠡᠬᠡᠢ ᠳᠠᠶᠠᠭᠠᠷ ᠥᠷᠭᠡᠵᠢᠭᠦᠯᠵᠦ ᠪᠠᠶᠢᠭ᠎ᠠ ᠪᠥᠭᠡᠳ᠂ ᠬᠢᠲᠠᠳ᠂ ᠶᠠᠫᠣᠨ᠂ ᠮᠸᠺᠰᠢᠺᠦ᠂  ᠹᠢᠯᠢᠫᠢᠨ ᠪᠣᠯᠤᠨ ᠥᠭᠡᠷ᠎ᠡ ᠬᠡᠳᠦ ᠬᠡᠳᠦᠨ ᠤᠯᠤᠰ ᠲᠤ ᠲᠣᠭᠯᠠᠯᠲᠠ ᠵᠣᠬᠢᠶᠠᠨ ᠪᠠᠶᠢᠭᠤᠯᠤᠭᠰᠠᠨ ᠪᠢᠯᠡ᠃

ᠰᠡᠳᠬᠢᠭᠳᠡᠯ ᠦᠯᠡᠳᠡᠭᠡᠬᠦ