ᠱ∙ᠳᠤᠯᠮ᠎ᠠ ᠶᠢᠨ ᠰᠢᠯᠦᠭ ᠢᠶᠡᠷ ᠳᠠᠭᠤᠤ ᠪᠦᠲᠦᠭᠡᠵᠡᠢ  | News.MN

ᠱ∙ᠳᠤᠯᠮ᠎ᠠ ᠶᠢᠨ ᠰᠢᠯᠦᠭ ᠢᠶᠡᠷ ᠳᠠᠭᠤᠤ ᠪᠦᠲᠦᠭᠡᠵᠡᠢ 

ᠠᠷᠠᠳ ᠤᠨ ᠤᠷᠠᠨ ᠵᠣᠬᠢᠶᠠᠯᠴᠢ ᠱᠠᠭᠳᠤᠷ ᠤᠨ ᠳᠤᠯᠮ᠎ᠠ ᠶᠢᠨ ︽ᠪᠦᠰᠡᠭᠦᠶᠢᠴᠦᠳ︾ ᠰᠢᠯᠦᠭ ᠢ ᠠᠶ᠎ᠠ ᠵᠣᠬᠢᠶᠠᠭᠴᠢ᠂ ᠰᠡᠳᠬᠦᠯᠴᠢ ᠴᠠᠭᠠᠨᠴᠢᠯᠠᠭᠤᠨ ᠤ ᠪᠤᠶᠠᠨᠨᠡᠮᠡᠬᠦ ᠳᠠᠭᠤᠤ ᠶᠢᠨ ᠰᠢᠯᠦᠭ ᠦᠨ ᠬᠡᠯᠪᠡᠷᠢ ᠳᠦ ᠣᠷᠣᠭᠤᠯᠤᠨ᠂ ᠠᠶᠠᠯᠭᠤ ᠰᠢᠩᠭᠡᠭᠡᠵᠦ᠂  ︽ᠲᠩᠷᠯᠢᠭ ᠮᠣᠩᠭᠣᠯ ᠪᠦᠰᠡᠭᠦᠶᠢᠴᠦᠳ︾ ᠨᠡᠷ᠎ᠡ ᠲᠡᠢ ᠳᠠᠭᠤᠤ ᠪᠦᠲᠦᠭᠡᠵᠡᠢ᠃ ᠡᠨᠡᠬᠦ ᠳᠠᠭᠤᠤ ᠳᠤ ᠮᠣᠩᠭᠣᠯ ᠤᠨ ᠢᠶᠠᠨ ᠡᠮᠡᠭᠲᠡᠶᠢᠴᠦᠳ᠂ ᠪᠦᠰᠡᠭᠦᠶᠢᠴᠦᠳ ᠢ ᠭᠣᠸ᠎ᠠ ᠰᠠᠶᠢᠬᠠᠨ᠂ ᠤᠶᠠᠩᠭᠠᠯᠢᠭ ᠢᠷᠠᠭᠤ ᠲᠠᠯ᠎ᠠ ᠠᠴᠠ ᠨᠢ ᠮᠠᠭᠲᠠᠨ ᠳᠠᠭᠤᠯᠤᠭᠰᠠᠨ ᠤ ᠵᠡᠷᠭᠡᠴᠡᠭᠡ ᠰᠢᠳᠤᠷᠭᠤ ᠵᠠᠩ᠂ ᠠᠷᠢᠭᠤᠨ ᠦᠢᠯᠡᠰ᠂ ᠨᠡᠶᠢᠭᠡᠮ ᠢᠶᠡᠨ ᠥᠭᠡᠷᠡᠴᠢᠯᠡᠬᠦ ᠬᠦᠴᠦ ᠴᠢᠳᠠᠯ᠂ ᠦᠨᠡᠨ ᠮᠥᠨ ᠦ ᠳᠠᠭᠤᠤ ᠬᠣᠭᠣᠯᠠᠢ ᠪᠣᠯᠬᠤ ᠶᠢ ᠨᠢ ᠲᠣᠳᠣᠳᠬᠠᠭᠰᠠᠨ ᠪᠠᠶᠢᠨ᠎ᠠ᠃
ᠴ∙ᠪᠤᠶᠠᠨᠨᠡᠮᠡᠬᠦ 1990 ᠊ᠭᠡᠳ ᠣᠨ ᠠᠴᠠ ᠠᠶ᠎ᠠ ᠵᠣᠬᠢᠶᠠᠵᠤ ᠡᠬᠢᠯᠡᠭᠰᠡᠨ ᠪᠥᠭᠡᠳ 1994 ᠣᠨ ᠳᠤ ᠠᠩᠬ᠎ᠠ ᠤᠳᠠᠭ᠎ᠠ ᠮᠣᠩᠭᠣᠯ ᠤᠨ ᠬᠥᠭᠵᠢᠮ ᠦᠨ ᠵᠣᠬᠢᠶᠠᠯᠴᠢᠳ ᠲᠠᠢ ᠬᠠᠮᠲᠤ ᠣᠨ ᠤ ᠰᠢᠯᠢᠳᠡᠭ ᠳᠠᠭᠤᠤ ᠰᠢᠯᠭᠠᠷᠠᠭᠤᠯᠬᠤ ︽ᠮᠣᠷᠢᠨ ᠬᠤᠭᠤᠷ︾ ᠨᠠᠭᠠᠳᠤᠮ ᠳᠤ ︽ᠨᠣᠮ ᠤᠨ ᠥᠷᠭᠥᠭᠡ︾ ᠳᠠᠭᠤᠤ ᠪᠠᠷ ᠢᠶᠠᠨ ᠣᠷᠣᠯᠴᠠᠵᠤ ᠪᠠᠶᠢᠪᠠ᠃ ᠰᠡᠳᠬᠦᠯᠴᠢ ᠮᠡᠷᠭᠡᠵᠢᠯ ᠲᠡᠢ ᠲᠡᠷᠡᠪᠡᠷ ᠬᠡᠦᠬᠡᠳ ᠦᠨ ᠪᠣᠯᠤᠨ ᠨᠡᠶᠢᠲᠡ ᠶᠢᠨ ᠣᠯᠠᠨ ᠳᠠᠭᠤᠤ ᠲᠠᠢ ᠪᠥᠭᠡᠳ ᠬᠡᠦᠬᠡᠳ ᠦᠨ  ᠳᠠᠭᠤᠤ ᠶᠢᠨ ᠬᠣᠶᠠᠷ ᠴᠣᠮᠣᠭ ᠭᠠᠷᠭᠠᠵᠤ᠂ ᠣᠯᠠᠨ ᠤ ᠬᠦᠷᠲᠡᠭᠡᠯ ᠪᠣᠯᠭᠠᠵᠠᠢ ᠃

ᠰᠡᠳᠬᠢᠭᠳᠡᠯ ᠦᠯᠡᠳᠡᠭᠡᠬᠦ