ᠠᠶᠠᠯᠠᠭᠴᠢᠳ ᠤᠨ ᠮᠡᠳᠡᠭᠡᠯᠡᠯ ᠦᠨ ᠲᠥᠪ ᠲᠡᠢ ᠪᠣᠯᠤᠯ᠎ᠠ  | News.MN

ᠠᠶᠠᠯᠠᠭᠴᠢᠳ ᠤᠨ ᠮᠡᠳᠡᠭᠡᠯᠡᠯ ᠦᠨ ᠲᠥᠪ ᠲᠡᠢ ᠪᠣᠯᠤᠯ᠎ᠠ 

ᠬᠥᠪᠰᠥᠭᠥᠯ ᠨᠠᠭᠤᠷ ᠢᠶᠠᠷ ᠠᠶᠠᠯᠠᠭᠴᠢ ᠪᠣᠯᠤᠨ ᠨᠤᠲᠤᠭ ᠤᠨ ᠢᠷᠭᠡᠳ ᠲᠦ ᠪᠠᠶᠢᠭᠠᠯᠢ ᠳᠤ  ᠡᠭᠡᠯᠢᠲᠡᠢ ᠠᠷᠢᠭᠤᠨ ᠴᠡᠪᠡᠷ ᠦᠨ ᠪᠠᠶᠢᠭᠤᠯᠤᠮᠵᠢ ᠶᠢᠨ ᠰᠢᠢᠳᠦᠯ ᠦᠳ ᠪᠣᠯᠤᠨ ᠬᠣᠭ ᠬᠠᠶᠠᠭᠳᠠᠯ ᠤᠨ ᠮᠧᠨᠧᠵᠮᠧᠨᠲ ᠦᠨ ᠲᠠᠯ᠎ᠠ ᠪᠠᠷ ᠴᠣᠭᠴᠠ ᠮᠡᠳᠡᠭᠡᠯᠡᠯ ᠠᠪᠬᠤ ᠪᠣᠯᠤᠮᠵᠢ ᠪᠦᠷᠢᠳᠦᠯ᠎ᠡ᠃  ᠲᠣᠳᠣᠷᠠᠭᠤᠯᠪᠠᠯ Monitor MON ︵9183︶ ᠲᠥᠰᠥᠯ ᠤᠨ ᠬᠢᠨ ᠬᠥᠪᠰᠥᠭᠥᠯ ᠦᠨ ᠤᠯᠤᠰ ᠤᠨ ᠲᠤᠰᠬᠠᠢ ᠬᠠᠮᠠᠭᠠᠯᠠᠯᠲᠠ ᠲᠠᠢ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠮᠡᠳᠡᠭᠡᠯᠡᠯ ᠦᠨ ᠲᠥᠪ ᠍ ᠦᠨ ᠳᠡᠷᠭᠡᠳᠡ ᠨᠤᠲᠤᠭ ᠤᠨ ᠢᠷᠭᠡᠳ᠂ ᠬᠡᠦᠬᠡᠳ ᠪᠠᠭᠠᠴᠤᠳ᠂ ᠠᠶᠠᠯᠠᠭᠴᠢ ᠵᠢᠭᠤᠯᠴᠢᠳ ᠲᠤ ᠵᠣᠷᠢᠭᠤᠯᠤᠨ ᠬᠣᠭ ᠬᠠᠶᠠᠭᠳᠠᠯ ᠢ ᠵᠦᠢ ᠵᠣᠬᠢᠰᠲᠠᠢ ᠵᠠᠶᠢᠯᠠᠭᠤᠯᠬᠤ᠂ ᠨᠠᠭᠤᠷ ᠤᠨ ᠤᠰᠤ ᠪᠣᠯᠤᠨ ᠬᠦᠷᠦᠰᠦ ᠪᠤᠬᠢᠷᠳᠤᠬᠤ ᠠᠴᠠ ᠰᠡᠷᠭᠡᠶᠢᠯᠡᠭᠰᠡᠨ ᠠᠷᠢᠭᠤᠨ ᠴᠡᠪᠡᠷ ᠦᠨ ᠪᠠᠶᠢᠭᠤᠯᠤᠮᠵᠢ ᠨᠤᠭᠤᠳ ᠤᠨ ᠰᠣᠩᠭᠣᠯᠲᠠ ᠨᠤᠭᠤᠳ ᠢ ᠲᠠᠨᠢᠯᠴᠠᠭᠤᠯᠤᠭᠰᠠᠨ ᠮᠡᠳᠡᠭᠡᠯᠡᠯ ᠦᠨ ᠬᠡᠰᠡᠭ ᠢ ᠰᠢᠨ᠎ᠡ ᠪᠡᠷ ᠠᠰᠢᠭᠯᠠᠯᠲᠠ ᠳᠤ ᠣᠷᠣᠭᠤᠯᠤᠯ᠎ᠠ᠃
ᠠᠶᠠᠯᠠᠭᠴᠢᠳ ᠲᠤᠰ ᠲᠥᠪ ᠲᠦ ᠵᠣᠴᠢᠯᠠᠭᠰᠠᠨ ᠢᠶᠠᠷ ᠬᠥᠪᠰᠥᠭᠥᠯ ᠨᠠᠭᠤᠷ ᠣᠷᠴᠢᠮ ᠳᠤ ᠠᠶᠠᠯᠠᠬᠤ ᠳᠤ ᠪᠠᠨ ᠬᠣᠭ ᠬᠠᠶᠠᠭᠳᠠᠯ ᠢᠶᠠᠨ ᠬᠡᠷᠬᠢᠨ ᠵᠠᠶᠢᠯᠠᠭᠤᠯᠬᠤ᠂ ᠠᠶᠢᠯ ᠡᠷᠦᠬᠡ᠂ ᠠᠶᠠᠯᠠᠯ ᠵᠢᠭᠤᠯᠴᠢᠯᠠᠯ ᠤᠨ ᠪᠠᠭᠠᠽ ᠨᠤᠭᠤᠳ ᠬᠥᠪᠰᠥᠭᠥᠯ ᠳᠠᠯᠠᠢ ᠪᠠᠨ ᠪᠤᠬᠢᠷᠳᠤᠬᠤ ᠠᠴᠠ ᠰᠡᠷᠭᠡᠶᠢᠯᠡᠨ ᠶᠠᠮᠠᠷ ᠲᠥᠷᠥᠯ ᠦᠨ ᠵᠣᠷᠯᠣᠩ ᠰᠠᠭᠤᠷᠢᠯᠠᠭᠤᠯᠪᠠᠯ ᠲᠣᠬᠢᠷᠠᠮᠵᠢᠲᠠᠢ ᠲᠠᠯ᠎ᠠ ᠪᠠᠷ ᠮᠡᠳᠡᠭᠡᠯᠡᠯ ᠢ ᠠᠪᠴᠤ᠂ ᠸᠢᠳᠢᠣ᠋ ᠦᠵᠡᠨ ᠬᠥᠭᠵᠢᠶᠡᠨᠲᠦ ᠲᠣᠭᠯᠠᠭᠠᠮ ᠲᠣᠭᠯᠠᠵᠤ ᠥᠪᠡᠷ ᠦᠨ ᠪᠣᠯᠤᠨ ᠦᠷ᠎ᠡ  ᠬᠡᠤᠬᠡᠳ ᠤᠨ ᠢᠶᠠᠨ ᠪᠠᠶᠢᠭᠠᠯᠢ ᠣᠷᠴᠢᠨ ᠤ ᠲᠠᠯᠠᠭᠠᠷᠬᠢ ᠮᠡᠳᠡᠯᠭᠡ ᠪᠡᠨ ᠪᠠᠶᠠᠵᠢᠭᠤᠯᠬᠤ ᠪᠣᠯᠤᠮᠵᠢ ᠲᠠᠢ ᠃

ᠰᠡᠳᠬᠢᠭᠳᠡᠯ ᠦᠯᠡᠳᠡᠭᠡᠬᠦ