ᠭᠠᠯᠳᠠᠨ ᠪᠤᠱᠤᠭᠲᠤ ᠬᠠᠭᠠᠨ ᠤ ᠮᠡᠨᠳᠦᠯᠡᠭᠰᠡᠨ ᠦ 375 ᠵᠢᠯ ᠦᠨ ᠣᠢ ᠳᠤ ᠵᠣᠷᠢᠭᠤᠯᠤᠭᠰᠠᠨ ︽ᠲᠤᠰᠠᠭᠠᠷ ᠲᠣᠭᠲᠠᠨᠢᠯ︾ ᠡᠳᠦᠷᠯᠢᠭ ᠬᠣᠪᠳᠣ ᠠᠶᠢᠮᠠᠭ ᠤᠨ ᠡᠷᠳᠡᠨᠢᠪᠦ᠋ᠷᠢᠨ ᠰᠤᠮᠤᠨ ᠳᠤ ᠪᠣᠯᠪᠠ᠃ ᠡᠳᠦᠷᠯᠢᠭ ᠢ ᠬᠣᠪᠳᠣ ᠠᠶᠢᠮᠠᠭ ᠤᠨ ︽ᠬᠥᠭᠵᠢᠯ ᠦᠨ ᠲᠥᠯᠥᠭᠡ ᠰᠠᠩ︾ ᠤᠨ ᠲᠡᠷᠢᠭᠦᠨ ᠱ∙ ᠠᠳᠢᠱᠠ᠂ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠪ∙ᠪᠠᠨᠽᠠᠷᠠᠭᠴᠢ ᠨᠠᠷ ᠤᠨ ᠰᠠᠨᠠᠭᠠᠴᠢᠯᠠᠭ᠎ᠠ ᠪᠠᠷ ᠵᠣᠬᠢᠶᠠᠨ ᠪᠠᠶᠢᠭᠤᠯᠵᠠᠢ᠃ ᠣᠶᠢᠷᠠᠳ ᠤᠨ ᠭᠠᠯᠳᠠᠨ ᠪᠤᠱᠤᠭᠲᠤ ᠬᠠᠭᠠᠨ ᠣ ᠲᠡᠦᠬᠡᠨ ᠳᠦ ᠭᠦᠢᠴᠡᠳᠭᠡᠭᠰᠡᠨ ᠡᠭᠦᠷᠭᠡ ᠶᠢ ᠨᠢ ᠪᠣᠳᠠᠲᠤ ᠪᠠᠷ ᠦᠨᠡᠯᠡᠬᠦ᠂ ᠦᠢᠯᠡᠰ ᠵᠢᠳᠬᠦᠯ ᠢ ᠬᠣᠶᠢᠴᠢ ᠦᠶ᠎ᠡ ᠳᠦ ᠪᠡᠨ ᠥᠪᠯᠡᠭᠦᠯᠬᠦ᠂ ᠲᠤᠰᠠᠭᠠᠷ ᠲᠣᠭᠲᠠᠨᠢᠯ᠂ ᠦᠨᠡᠲᠦ ᠵᠦᠢᠯ ᠢᠶᠡᠷ ᠪᠠᠬᠠᠷᠬᠠᠬᠤ᠂ ᠢᠲᠡᠭᠡᠯ ᠦᠨᠡᠮᠰᠢᠯ ᠢ ᠪᠠᠳᠠᠷᠠᠭᠠᠬᠤ ᠳᠤ ᠡᠨᠡᠬᠦ ᠡᠳᠦᠷᠯᠢᠭ ᠦᠨ ᠵᠣᠷᠢᠯᠭ᠎ᠠ ᠴᠢᠭᠯᠡᠵᠦ ᠪᠠᠶᠢᠪᠠ᠃ ᠡᠳᠦᠷᠯᠢᠭ ᠲᠤ ︽ᠮᠣᠩᠭᠣᠯ ᠬᠦᠮᠦᠨ ᠪᠠᠶᠢᠬᠤ ᠶᠢᠨ ᠤᠴᠢᠷ︾᠂ ︽ᠲᠤᠰᠠᠭᠠᠷ ᠲᠣᠭᠲᠠᠨᠢᠯ ᠪᠠ ᠭᠠᠯᠳᠠᠨ ᠪᠤᠱᠤᠭᠲᠤ ︾ ᠰᠡᠳᠦᠪ ᠢᠶᠡᠷ ᠢᠯᠡᠳᠬᠡᠯ ᠬᠡᠯᠡᠯᠴᠡᠪᠡ᠃ ᠮᠥᠨ ᠱ∙ᠠᠳᠢᠱᠠ ᠶᠢᠨ ᠵᠣᠬᠢᠶᠠᠭᠰᠠᠨ ︽ᠭᠠᠯᠳᠠᠨ ᠪᠤᠱᠤᠭᠲᠤ︾ ᠭᠡᠬᠦ ᠨᠣᠮ ᠢ ᠢᠷᠭᠡᠳ ᠲᠦ ᠲᠠᠨᠢᠯᠴᠠᠭᠤᠯᠵᠤ ᠶᠡᠬᠡ ᠬᠠᠭᠠᠨ ᠤ ᠲᠡᠦᠬᠡᠨ ᠭᠠᠪᠢᠶ᠎ᠠ᠂ ᠦᠢᠯᠡ ᠬᠡᠷᠡᠭ ᠢ ᠰᠡᠷᠭᠦᠭᠡᠨ ᠠᠯᠳᠠᠷᠰᠢᠭᠤᠯᠪᠠ᠃
ᠭᠠᠯᠳᠠᠨ ᠪᠤᠱᠤᠭᠲᠤ ᠬᠠᠭᠠᠨ ᠤ ᠭᠠᠯ ᠭᠣᠯᠣᠮᠲᠠ ᠪᠣᠯᠤᠭᠰᠠᠨ ᠨᠤᠲᠤᠭ ᠨᠢ ᠬᠣᠪᠳᠣ ᠠᠶᠢᠮᠠᠭ ᠤᠨ ᠡᠷᠳᠡᠨᠢᠪᠦ᠋ᠷᠢᠨ ᠰᠤᠮᠤ ᠠᠵᠠᠢ᠃ ᠲᠡᠶᠢᠮᠦ ᠡᠴᠡ ᠲᠡᠭᠦᠨ ᠤ ᠨᠡᠷᠡᠮᠵᠢᠲᠦ ᠥᠷᠭᠥᠭᠡ ᠪᠦᠲᠦᠭᠡᠨ ᠪᠣᠰᠬᠠᠬᠤ᠂ ᠤᠯᠠᠮ ᠢᠶᠠᠷ ᠲᠡᠭᠦᠨ ᠦ ᠦᠢᠯᠡ ᠬᠡᠷᠡᠭ ᠢ ᠠᠯᠳᠠᠷᠰᠢᠭᠤᠯᠬᠤ ᠳᠤ ᠴᠢᠭᠯᠡᠭᠰᠡᠨ ᠨᠡᠯᠢᠶᠡᠳ ᠠᠵᠢᠯ ᠥᠷᠨᠢᠭᠦᠯᠦᠨ᠎ᠡ ᠭᠡᠵᠦ ᠠᠯᠪᠠᠨ ᠤ ᠬᠢᠨ ᠮᠡᠳᠡᠭᠡᠯᠡᠯ᠎ᠡ᠃