27.2 ᠮᠢᠩᠭᠠᠨ ᠲᠣᠨ ᠮᠢᠬ᠎ᠠ ᠭᠠᠷᠭᠠᠭᠠᠳ ᠪᠠᠶᠢᠨ᠎ᠠ  | News.MN

27.2 ᠮᠢᠩᠭᠠᠨ ᠲᠣᠨ ᠮᠢᠬ᠎ᠠ ᠭᠠᠷᠭᠠᠭᠠᠳ ᠪᠠᠶᠢᠨ᠎ᠠ 

ᠭᠠᠶᠢᠯᠢ ᠶᠢᠨ ᠪᠠᠶᠢᠭᠤᠯᠤᠯᠭ᠎ᠠ ᠶᠢᠨ ᠮᠡᠳᠡᠭᠡ ᠪᠡᠷ ᠡᠨᠡ ᠣᠨ ᠤ 9 ᠰᠠᠷ᠎ᠠ ᠶᠢᠨ ᠡᠺᠰᠫᠣᠷᠲ ᠤᠨ ᠭᠦᠢᠴᠡᠳᠬᠡᠯ ᠢᠶᠡᠷ 13.5 ᠮᠢᠩᠭᠠᠨ ᠲᠣᠨ ᠠᠳᠤᠭᠤᠨ ᠤ ᠮᠢᠬ᠎ᠠ᠂ 1045 ᠲᠣᠨ ᠬᠣᠨᠢ᠂ ᠢᠮᠠᠭᠠᠨ ᠤ ᠮᠢᠬ᠎ᠠ᠂ 855 ᠲᠣᠨ ᠳᠠᠶᠢᠪᠤᠷᠢ ᠪᠦᠲᠦᠭᠡᠭᠳᠡᠬᠦᠨ᠂ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠮᠢᠬᠠᠨ ᠪᠦᠲᠦᠭᠡᠭᠳᠡᠬᠦᠨ 11.8 ᠮᠢᠩᠭᠠᠨ ᠲᠣᠨ᠂ ᠨᠡᠶᠢᠲᠡ 27.2 ᠮᠢᠩᠭᠠᠨ ᠲᠣᠨ ᠮᠢᠬ᠎ᠠ ᠭᠠᠷᠭᠠᠭᠰᠠᠨ ᠪᠠᠶᠢᠨ᠎ᠠ᠃ ᠮᠥᠨ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠮᠢᠬᠠᠨ ᠤ ᠡᠺᠰᠫᠣᠷᠲ 11.8 ᠮᠢᠩᠭᠠᠨ ᠲᠣᠨ ᠬᠦᠷᠦᠭᠰᠡᠨ᠂ ᠴᠢᠨᠠᠭᠰᠢᠳᠠ ᠨᠡᠮᠡᠭᠳᠡᠬᠦ ᠬᠠᠨᠳᠤᠯᠭ᠎ᠠ ᠲᠠᠢ ᠪᠠᠶᠢᠭ᠎ᠠ ᠶᠢ ᠬᠦᠨᠡᠰᠦ ᠬᠦᠳᠡᠭᠡ ᠠᠵᠤ ᠠᠬᠤᠢ ᠶᠢᠨ  ᠶᠠᠮᠤᠨ ᠠᠴᠠ ᠮᠡᠳᠡᠭᠡᠯᠡᠵᠦ ᠪᠠᠶᠢᠨ᠎ᠠ᠃

ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠮᠢᠬᠠᠨ ᠤ ᠡᠺᠰᠫᠣᠷᠲ ᠨᠡᠮᠡᠭᠳᠡᠵᠦ᠂ ᠮᠢᠬᠠᠨ ᠤ ᠨᠥᠭᠡᠴᠡ ᠪᠡᠯᠡᠳᠬᠡᠬᠦ ᠲᠡᠢ ᠬᠣᠯᠪᠣᠭ᠎ᠠ ᠲᠠᠢ ᠲᠥᠪ᠂ ᠰᠠᠭᠤᠷᠢᠨ ᠭᠠᠵᠠᠷ ᠲᠤ ᠨᠡᠶᠢᠯᠡᠭᠦᠯᠦᠯᠲᠡ ᠶᠢᠨ ᠬᠣᠮᠰᠠᠳᠠᠯ᠂ ᠦᠨ᠎ᠡ ᠶᠢᠨ ᠬᠡᠯᠪᠡᠯᠵᠡᠯ ᠡᠭᠦᠰᠬᠦ  ᠡᠴᠡ ᠤᠷᠢᠳᠴᠢᠯᠠᠨ ᠰᠡᠷᠭᠡᠶᠢᠯᠡᠬᠦ ᠶᠢᠨ ᠲᠤᠯᠠᠳᠠ ᠳᠤᠯᠠᠭᠠᠨ ᠤ ᠠᠷᠭ᠎ᠠ ᠪᠠᠷ ᠪᠣᠯᠪᠠᠰᠤᠷᠠᠭᠤᠯᠤᠭᠰᠠᠨ ᠦᠬᠡᠷ᠂ ᠬᠣᠨᠢ᠂ ᠢᠮᠠᠭᠠᠨ ᠤ ᠮᠢᠬ᠎ᠠ᠂ ᠮᠢᠬᠠᠨ ᠪᠦᠲᠦᠭᠡᠭᠳᠡᠬᠦᠨ ᠢ ᠡᠺᠰᠫᠣᠷᠲᠯᠠᠬᠤ ᠦᠶ᠎ᠡ ᠶᠢᠨ ᠬᠣᠷᠢᠭ᠎ᠠ ᠴᠡᠭᠡᠷ᠂ ᠮᠠᠯ ᠡᠮᠨᠡᠯᠭᠡ᠂ ᠠᠷᠢᠭᠤᠨ ᠴᠡᠪᠡᠷ ᠦᠨ ᠨᠥᠬᠥᠴᠡᠯ ᠱᠠᠭᠠᠷᠳᠠᠯᠭ᠎ᠠ ᠶᠢᠨ ᠲᠤᠬᠠᠢ ᠫᠷᠣᠲ᠋ᠣᠺᠣᠯ ᠢ ᠮᠥᠷᠳᠡᠭᠦᠯᠦᠨ᠎ᠡ᠃ ᠢᠩᠭᠢᠬᠦ ᠶᠢᠨ ᠲᠤᠯᠠᠳᠠ ᠮᠡᠷᠭᠡᠵᠢᠯ ᠦᠨ ᠬᠢᠨᠠᠯᠲᠠ ᠶᠢᠨ ᠶᠡᠷᠦᠩᠬᠡᠢ ᠭᠠᠵᠠᠷ᠂ ᠮᠠᠯ ᠡᠮᠨᠡᠯᠭᠡ ᠶᠢᠨ ᠶᠡᠷᠦᠩᠬᠡᠢ ᠭᠠᠵᠠᠷ ᠤᠨ ᠮᠠᠯ ᠡᠮᠨᠡᠯᠭᠡ ᠶᠢᠨ ᠬᠢᠨᠠᠯᠲᠠ ᠶᠢᠨ ᠤᠯᠤᠰ ᠤᠨ ᠪᠠᠶᠢᠴᠠᠭᠠᠭᠴᠢ ᠨᠠᠷ ᠡᠺᠰᠫᠣᠷᠲ ᠤᠨ ᠡᠷᠬᠡ ᠲᠡᠢ ᠦᠢᠯᠡᠳᠪᠦᠷᠢ ᠨᠦᠭᠦᠳ ᠲᠦ ᠬᠢᠨᠠᠯᠲᠠ ᠰᠢᠯᠭᠠᠯᠲᠠ ᠬᠢᠵᠦ᠂ ᠪᠡᠶᠡᠯᠡᠯᠲᠡ ᠶᠢ ᠬᠠᠩᠭᠠᠨ ᠠᠵᠢᠯᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ