ᠨᠡᠮᠡᠯᠲᠡ ᠰᠠᠩᠬᠦᠦᠵᠢᠯᠲᠡ ᠶᠢᠨ ᠭᠡᠷ᠎ᠡ ᠳᠦ ᠭᠠᠷ ᠤᠨ ᠦᠰᠦᠭ ᠵᠢᠷᠤᠯ᠎ᠠ  | News.MN

ᠨᠡᠮᠡᠯᠲᠡ ᠰᠠᠩᠬᠦᠦᠵᠢᠯᠲᠡ ᠶᠢᠨ ᠭᠡᠷ᠎ᠡ ᠳᠦ ᠭᠠᠷ ᠤᠨ ᠦᠰᠦᠭ ᠵᠢᠷᠤᠯ᠎ᠠ 

ᠮᠣᠩᠭᠣᠯ ᠤᠯᠤᠰ ᠲᠤ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠪᠠᠷᠢᠬᠤ ᠲᠥᠰᠥᠯ ᠳᠦ ᠣᠯᠭᠣᠬᠤ 236 ᠰᠠᠶ᠎ᠠ ᠳ᠋ᠣᠯᠯᠠᠷ ᠤᠨ ᠨᠡᠮᠡᠯᠲᠡ ᠰᠠᠩᠬᠦᠦᠵᠢᠯᠲᠡ ᠶᠢᠨ ᠬᠥᠩᠭᠡᠯᠡᠯᠲᠡ ᠲᠡᠢ ᠵᠢᠭᠡᠯᠡ ᠶᠢᠨ ᠭᠡᠷ᠎ᠡ ᠳᠦ ᠥᠨᠥᠳᠥᠷ ᠰᠠᠩ ᠤᠨ ᠰᠠᠶᠢᠳ ᠴ∙ᠬᠦᠷᠡᠯᠪᠠᠭᠠᠲᠤᠷ᠂ ᠪᠦᠭᠦᠳᠡ ᠨᠠᠶᠢᠷᠠᠮᠳᠠᠬᠤ ᠡᠨᠡᠳᠬᠡᠭ ᠤᠯᠤᠰ᠍ ᠤᠨ ᠡᠺᠰᠫᠣᠷᠲ ᠢᠮᠫᠣᠷᠲ ᠪᠠᠩᠬᠢᠨ ᠤ ᠶᠡᠷᠦᠩᠬᠡᠢ ᠮᠧᠨᠧᠵᠧᠷ ᠰᠷᠢ ᠰᠠᠷᠤᠵ  ᠺᠤᠨᠲ᠋ᠢᠶᠠ ᠨᠠᠷ ᠭᠠᠷ ᠤᠨ ᠦᠰᠦᠭ ᠵᠢᠷᠤᠯ᠎ᠠ᠃
ᠳᠣᠷᠣᠨᠠᠭᠣᠪᠢ ᠠᠶᠢᠮᠠᠭ ᠤᠨ ᠠᠯᠲᠠᠨᠰᠢᠷᠡᠭᠡ ᠰᠤᠮᠤᠨ ᠳᠤ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠤᠨ ᠡᠺᠰᠫᠣᠷᠲ ᠢᠮᠫᠣᠷᠲ ᠪᠠᠩᠬᠢᠨ ᠤ 1 ᠲᠡᠷᠪᠤᠮ ᠳ᠋ᠣᠯᠯᠠᠷ ᠤᠨ ᠵᠢᠭᠡᠯᠡ ᠶᠢᠨ ᠬᠦᠷᠢᠶᠡᠨ ᠳᠦ ᠵᠢᠯ ᠳᠦ 1.5 ᠰᠠᠶ᠎ᠠ ᠲᠣᠨ ᠭᠠᠵᠠᠷ ᠤᠨ ᠲᠣᠰᠣ ᠪᠣᠯᠪᠠᠰᠤᠷᠠᠭᠤᠯᠬᠤ ᠬᠦᠴᠦᠨ ᠴᠢᠳᠠᠯ ᠪᠦᠬᠦᠢ ᠦᠢᠯᠡᠳᠪᠦᠷᠢ ᠪᠠᠷᠢᠬᠤ ᠲᠥᠰᠥᠯ ᠢ ᠬᠡᠷᠡᠭᠵᠢᠭᠦᠯᠵᠦ ᠪᠠᠶᠢᠨ᠎ᠠ᠃ ᠲᠥᠰᠥᠯ ᠦᠨ ᠵᠥᠪᠯᠡᠬᠦ ᠺᠣᠮᠫᠠᠨᠢ ᠪᠠᠷ ᠰᠢᠯᠭᠠᠷᠠᠭᠰᠠᠨ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠤᠨ ︽ᠢᠨᠵᠧᠨᠧᠷᠰ ᠢᠨᠳᠢᠶᠠ  ᠯᠢᠮᠢᠲᠸᠳ᠋︾ ᠺᠣᠮᠫᠠᠨᠢ ᠶᠢᠨ ᠪᠣᠯᠪᠠᠰᠤᠷᠠᠭᠤᠯᠤᠭᠰᠠᠨ ᠲᠸᠭᠨᠢᠭ ᠡᠳ᠋ ᠦᠨ ᠵᠠᠰᠠᠭ ᠤᠨ ᠦᠨᠳᠦᠰᠦᠯᠡᠯ ᠢᠶᠡᠷ ᠦᠢᠯᠡᠳᠪᠦᠷᠢ ᠶᠢᠨ ᠬᠥᠷᠥᠩᠭᠡ ᠣᠷᠣᠭᠤᠯᠤᠯᠲᠠ ᠶᠢᠨ ᠵᠠᠷᠤᠳᠠᠯ ᠢ ᠨᠡᠶᠢᠲᠡ 1 ᠲᠡᠷᠪᠤᠮ 236 ᠰᠠᠶ᠎ᠠ ᠳ᠋ᠣᠯᠯᠠᠷ ᠪᠠᠶᠢᠬᠤ ᠪᠠᠷ ᠲᠣᠭᠠᠴᠠᠭᠠᠯᠠᠵᠠᠢ᠃ ᠲᠡᠶᠢᠮᠦ ᠡᠴᠡ ᠨᠡᠮᠡᠯᠲᠡ 236 ᠰᠠᠶ᠎ᠠ ᠳ᠋ᠣᠯᠯᠠᠷ ᠢ 20 ᠵᠢᠯ ᠦᠨ ᠬᠤᠭᠤᠴᠠᠭ᠎ᠠ ᠲᠠᠢ᠂ ᠵᠢᠯ ᠦᠨ 1.75  ᠬᠤᠪᠢ ᠶᠢᠨ ᠬᠦᠦ ᠲᠡᠢ ᠪᠡᠷ ᠡᠨᠡᠳᠬᠡᠭ ᠤᠨ ᠡᠺᠰᠫᠣᠷᠲ ᠢᠮᠫᠣᠷᠲ ᠪᠠᠩᠬᠢᠨ ᠠᠴᠠ ᠵᠢᠭᠡᠯᠡᠬᠦ ᠪᠡᠷ ᠲᠣᠬᠢᠷᠠᠭᠰᠠᠨ ᠶᠤᠮ ᠃ ᠦᠢᠯᠡᠳᠪᠦᠷᠢ ᠶᠢᠨ ᠪᠠᠷᠢᠯᠭ᠎ᠠ ᠶᠢᠨ ᠠᠵᠢᠯ ᠢᠷᠡᠬᠦ ᠣᠨ ᠳᠤ ᠡᠬᠢᠯᠡᠵᠦ᠂ 2023 ᠣᠨ ᠳᠤ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠭᠰᠡᠨ ᠢ ᠪᠦᠭᠦᠳᠡ ᠨᠠᠶᠢᠷᠠᠮᠳᠠᠬᠤ ᠡᠨᠡᠳᠬᠡᠭ ᠤᠯᠤᠰ ᠤᠨ ᠭᠠᠵᠠᠷ ᠤᠨ ᠲᠣᠰᠣ᠂ ᠪᠠᠶᠢᠭᠠᠯᠢ ᠶᠢᠨ ᠬᠡᠢ ᠶᠢᠨ ᠰᠠᠶᠢᠳ ᠳ∙ᠫᠷᠠᠲᠾᠠᠨ ᠳᠤᠷᠠᠳᠤᠯ᠎ᠠ᠃ ᠲᠡᠷᠡᠪᠡᠷ ᠄ ᠮᠣᠩᠭᠣᠯ᠂ ᠡᠨᠡᠳᠬᠡᠭ ᠤᠯᠤᠰ ᠣᠯᠠᠨ ᠵᠢᠯ ᠦᠨ ᠨᠠᠶᠢᠷᠰᠠᠭ ᠬᠠᠷᠢᠯᠴᠠᠭ᠎ᠠ ᠲᠠᠢ᠃ ᠮᠣᠩᠭᠣᠯ ᠤᠯᠤᠰ ᠲᠤ ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠪᠠᠷᠢᠬᠤ ᠳᠤ ᠲᠤᠰᠠᠯᠠᠭᠰᠠᠨ ᠢᠶᠠᠷ ᠪᠢᠳᠡ ᠨᠠᠶᠢᠷᠰᠠᠭ ᠬᠠᠷᠢᠯᠴᠠᠭ᠎ᠠ ᠪᠠᠨ ᠳᠠᠷᠠᠭ᠎ᠠ ᠶᠢᠨ 100 ᠵᠢᠯ ᠬᠠᠳᠠᠭᠠᠯᠠᠬᠤ ᠳᠤ ᠴᠢᠬᠤᠯᠠ ᠨᠥᠯᠥᠭᠡ ᠲᠡᠢ ᠶᠤᠮ ᠭᠡᠯ᠎ᠡ᠃

ᠰᠡᠳᠬᠢᠭᠳᠡᠯ ᠦᠯᠡᠳᠡᠭᠡᠬᠦ