︽ ᠬᠦᠬᠦᠭᠡ ᠨᠠᠮᠵᠢᠯ︾ ᠳᠠᠭᠤᠷᠢ  ᠪᠡᠯᠡᠨ ᠪᠤᠯᠵᠠᠢ  | News.MN

 ︽ ᠬᠦᠬᠦᠭᠡ ᠨᠠᠮᠵᠢᠯ︾ ᠳᠠᠭᠤᠷᠢ  ᠪᠡᠯᠡᠨ ᠪᠤᠯᠵᠠᠢ 

ᠤᠯᠤᠰ ᠤᠨ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ 57 ᠳ᠋ᠡᠬᠢ ᠤᠯᠠᠷᠢᠯ ᠤᠨ ᠲᠣᠭᠯᠠᠯᠲᠠ ᠪᠠᠨ ᠡᠨᠡ ᠰᠠᠷ᠎ᠠ ᠶᠢᠨ 5 ᠍ ᠤ ᠡᠳᠦᠷ ︽ᠬᠦᠬᠦᠭᠡ ᠨᠠᠮᠵᠢᠯ︾ ᠳᠠᠭᠤᠷᠢ ᠪᠠᠷ ᠡᠬᠢᠯᠡᠨ᠎ᠡ᠃ ᠠᠩᠬ᠎ᠠ 1961 ᠣᠨ ᠳᠤ ᠦᠵᠡᠭᠴᠢᠳ ᠦᠨ ᠬᠦᠷᠲᠡᠭᠡᠯ ᠪᠣᠯᠵᠤ ᠪᠠᠶᠢᠭᠰᠠᠨ ᠡᠨᠡ ᠳᠠᠭᠤᠷᠢ ᠪᠠᠷ ᠰᠢᠨ᠎ᠡ ᠤᠯᠠᠷᠢᠯ ᠤᠨ ᠬᠥᠰᠢᠭᠡ ᠪᠡᠨ ᠨᠡᠭᠡᠭᠡᠵᠦ ᠪᠠᠶᠢᠭ᠎ᠠ ᠨᠢ ᠲᠥᠷᠦ ᠶᠢᠨ ᠳᠠᠭᠤᠯᠠᠯ ᠢ ᠬᠠᠮᠲᠤᠷᠠᠨ ᠵᠣᠬᠢᠶᠠᠭᠰᠠᠨ ᠯ∙ᠮᠦᠷᠳᠤᠷᠵᠢ ᠂ ᠪ∙ᠳᠠᠮᠳᠢᠨᠰᠦ᠋ᠷᠦᠩ ᠨᠠᠷ ᠤᠨ ᠮᠡᠨᠳᠦᠯᠡᠭᠰᠡᠨ ᠦ 100 ᠵᠢᠯ ᠦᠨ ᠣᠢ ᠲᠠᠢ ᠬᠣᠯᠪᠣᠭ᠎ᠠ ᠲᠠᠢ ᠶᠤᠮ ᠪᠠᠶᠢᠨ᠎ᠠ᠃ ᠤᠭ ᠳᠠᠭᠤᠷᠢ ᠶᠢ  ᠳᠦᠷᠪᠡᠳᠡᠬᠢ  ᠤᠳᠠᠭ᠎ᠠ ᠪᠠᠨ ᠰᠢᠨᠡᠴᠢᠯᠡᠨ ᠲᠠᠯᠪᠢᠵᠤ ᠪᠠᠶᠢᠨ᠎ᠠ᠃
ᠤᠯᠤᠰ ᠤᠨ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠵᠠᠬᠢᠷᠤᠯ ᠵᠦᠵᠦᠭᠡᠴᠢᠨ ᠼ∙ᠲᠦᠪᠰᠢᠨᠲᠡᠭᠦᠰ᠄ ᠡᠨᠡ ᠵᠢᠯ ᠬᠥᠭᠵᠢᠮ ᠦᠨ ᠲᠢᠶᠠᠲ᠋ᠷ ᠤᠨ ᠲᠡᠦᠬᠡᠨ ᠳᠦ ᠬᠣᠪᠣᠷ ᠲᠣᠬᠢᠶᠠᠬᠤ ᠭᠠᠶᠢᠬᠠᠮᠰᠢᠭᠲᠤ ᠣᠨ ᠵᠢᠯ ᠪᠣᠯᠵᠤ ᠪᠠᠶᠢᠨ᠎ᠠ᠃ ᠮᠣᠩᠭᠣᠯ ᠤᠯᠤᠰ ᠤᠨ ︽ᠲᠥᠷᠦ ᠶᠢᠨ ᠳᠠᠭᠤᠯᠠᠯ︾ ᠢ ᠪᠢᠴᠢᠭᠰᠡᠨ ᠨᠡᠷᠡᠲᠦ ᠬᠥᠭᠵᠢᠮ ᠦᠨ ᠵᠣᠬᠢᠶᠠᠯᠴᠢ ᠯ∙ᠮᠦᠷᠳᠤᠷᠵᠢ ᠪᠣᠯᠤᠨ ︽ᠤᠴᠢᠷ ᠲᠠᠢ ᠭᠤᠷᠪᠠᠨ ᠲᠣᠯᠣᠭᠠᠢ︾ ᠳᠠᠭᠤᠷᠢ ᠪᠠᠷ ᠨᠢ ᠤᠯᠤᠰ ᠤᠨ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠠᠩᠬ᠎ᠠ ᠬᠥᠰᠢᠭᠡ ᠪᠡᠨ ᠨᠡᠭᠡᠭᠡᠭᠰᠡᠨ ᠪ∙ᠳᠠᠮᠳᠢᠨᠰᠦ᠋ᠷᠦᠩ ᠨᠠᠷ ᠤᠨ ᠮᠡᠨᠳᠦᠯᠡᠭᠰᠡᠨ ᠦ 100 ᠵᠢᠯ ᠦᠨ ᠣᠢ ᠲᠣᠬᠢᠶᠠᠵᠤ ᠪᠤᠢ᠃ ᠲᠡᠶᠢᠮᠦ ᠡᠴᠡ ᠮᠠᠨ ᠤ ᠬᠥᠭᠵᠢᠮ ᠦᠨ ᠲᠢᠶᠠᠲ᠋ᠷ ᠤᠨ ᠬᠠᠮᠲᠤ ᠣᠯᠠᠨ ᠯ ∙ ᠮᠦᠷᠳᠤᠷᠵᠢ ᠠᠭᠰᠠᠨ ᠤ 100 ᠵᠢᠯ ᠦᠨ ᠣᠢ ᠶᠢ ᠲᠣᠬᠢᠶᠠᠯᠳᠤᠭᠤᠯᠤᠨ ︽ᠬᠦᠬᠦᠭᠡ ᠨᠠᠮᠵᠢᠯ︾ ᠳᠠᠭᠤᠷᠢ ᠶᠢ ᠰᠢᠨᠡᠴᠢᠯᠡᠨ ᠲᠠᠯᠪᠢᠵᠤ ᠪᠠᠶᠢᠭ᠎ᠠ ᠶᠤᠮ ᠭᠡᠪᠡ᠃

ᠰᠡᠳᠬᠢᠭᠳᠡᠯ ᠦᠯᠡᠳᠡᠭᠡᠬᠦ