ᠭᠠᠳᠠᠭᠠᠳᠤ ᠬᠤᠳᠠᠯᠳᠤᠭ᠎ᠠ ᠲᠡᠷᠪᠤᠮ ᠢᠯᠡᠭᠦᠦ ᠳ᠋ᠣᠯᠯᠠᠷ ᠤᠨ ᠠᠰᠢᠭ ᠲᠠᠢ ᠭᠠᠷᠴᠠᠢ  | News.MN

ᠭᠠᠳᠠᠭᠠᠳᠤ ᠬᠤᠳᠠᠯᠳᠤᠭ᠎ᠠ ᠲᠡᠷᠪᠤᠮ ᠢᠯᠡᠭᠦᠦ ᠳ᠋ᠣᠯᠯᠠᠷ ᠤᠨ ᠠᠰᠢᠭ ᠲᠠᠢ ᠭᠠᠷᠴᠠᠢ 

ᠮᠣᠩᠭᠣᠯ ᠤᠯᠤᠰ ᠤᠨ ᠭᠠᠳᠠᠭᠠᠳᠤ ᠬᠤᠳᠠᠯᠳᠤᠭ᠎ᠠ ᠡᠨᠡ ᠣᠨ ᠤ ᠡᠬᠢᠨ ᠦ ᠶᠢᠰᠦᠨ ᠰᠠᠷ᠎ᠠ ᠶᠢᠨ ᠪᠠᠶᠢᠳᠠᠯ ᠢᠶᠠᠷ 1 ᠲᠡᠷᠪᠤᠮ 347.2 ᠰᠠᠶ᠎ᠠ ᠳ᠋ᠣᠯᠯᠠᠷ ᠤᠨ ᠠᠰᠢᠭ ᠲᠠᠢ ᠭᠠᠷᠤᠭᠰᠠᠨ ᠲᠠᠯ᠎ᠠ ᠪᠠᠷ ᠭᠠᠶᠢᠯᠢ ᠶᠢᠨ ᠶᠡᠷᠦᠩᠬᠡᠢ ᠭᠠᠵᠠᠷ ᠍ ᠠᠴᠠ ᠮᠡᠳᠡᠭᠡᠯᠡᠪᠡ᠃ ᠮᠣᠩᠭᠣᠯ ᠤᠯᠤᠰ ᠨᠡᠶᠢᠲᠡ 146 ᠣᠷᠣᠨ ᠲᠠᠢ 10.5 ᠲᠡᠷᠪᠤᠮ ᠳ᠋ᠣᠯᠯᠠᠷ ᠤᠨ ᠬᠤᠳᠠᠯᠳᠤᠭ᠎ᠠ ᠬᠢᠭᠰᠡᠨ ᠨᠢ ᠥᠩᠭᠡᠷᠡᠭᠰᠡᠨ ᠣᠨ ᠤ ᠮᠥᠨ ᠦᠶ᠎ᠡ ᠶᠢᠨ ᠬᠢ ᠡᠴᠡ 911 ᠰᠠᠶ᠎ᠠ ᠳ᠋ᠣᠯᠯᠠᠷ ᠪᠤᠶᠤ 9.5  ᠬᠤᠪᠢ ᠪᠠᠷ ᠥᠰᠦᠭᠰᠡᠨ ᠪᠠᠶᠢᠨ᠎ᠠ᠃ ᠲᠣᠳᠣᠷᠠᠭᠤᠯᠪᠠᠯ᠂ ᠡᠺᠰᠫᠣᠷᠲ ᠤᠨ ᠬᠡᠮᠵᠢᠶ᠎ᠡ 5.9 ᠲᠡᠷᠪᠤᠮ ᠰᠠᠶ᠎ᠠ ᠳ᠋ᠣᠯᠯᠠᠷ ᠲᠤ ᠬᠦᠷᠴᠦ ᠥᠩᠭᠡᠷᠡᠭᠰᠡᠨ ᠣᠨ ᠤ ᠮᠥᠨ ᠦᠶ᠎ᠡ ᠶᠢᠨ ᠬᠢ ᠡᠴᠡ 12.6 ᠬᠤᠪᠢ ᠪᠠᠷ ᠥᠰᠦᠭᠰᠡᠨ᠃ ᠡᠭᠦᠨ ᠳᠦ ᠡᠷᠦᠳᠡᠰᠦ ᠪᠦᠲᠦᠭᠡᠭᠳᠡᠬᠦᠨ ᠦ ᠡᠺᠰᠫᠣᠷᠲ 424.1 ᠰᠠᠶ᠎ᠠ ᠳ᠋ᠣᠯᠯᠠᠷ᠂ ᠰᠤᠪᠤᠳ᠂ ᠦᠨᠡᠲᠦ ᠪᠠ ᠬᠠᠭᠠᠰ ᠦᠨᠡᠲᠦ ᠴᠢᠯᠠᠭᠤ᠂ ᠦᠨᠡᠲᠦ ᠮᠧᠲ᠋ᠠᠯ᠂ ᠭᠣᠶᠣᠯ ᠤᠨ ᠵᠦᠢᠯᠡᠰ ᠦᠨ ᠬᠡᠰᠡᠭ ᠲᠦ ᠪᠠᠭᠲᠠᠬᠤ ᠪᠠᠷᠠᠭᠠᠨ ᠤ ᠡᠺᠰᠫᠣᠷᠲ 199.9 ᠰᠠᠶ᠎ᠠ ᠳ᠋ᠣᠯᠯᠠᠷ᠂ ᠨᠡᠬᠡᠮᠡᠯ ᠦᠨ ᠮᠠᠲ᠋ᠧᠷᠢᠶᠠᠯ ᠪᠣᠯᠤᠨ ᠨᠡᠬᠡᠮᠡᠯ ᠡᠳ᠋ᠯᠡᠯ ᠦᠨ ᠡᠺᠰᠫᠣᠷᠲ 28.2 ᠰᠠᠶ᠎ᠠ ᠳ᠋ᠣᠯᠯᠠᠷ ᠢᠶᠠᠷ ᠥᠰᠦᠭᠰᠡᠨ ᠨᠢ ᠭᠣᠣᠯᠯᠠᠨ ᠨᠥᠯᠦᠭᠡᠯᠡᠵᠡᠢ᠃

ᠰᠡᠳᠬᠢᠭᠳᠡᠯ ᠦᠯᠡᠳᠡᠭᠡᠬᠦ